《ᠰᠦᠪᠸᠢ ᠮᠣᠩᠭᠤᠯᠴᠤᠳ ᠤ᠋ᠨ < ᠭᠡᠰᠡᠷ ᠤ᠋ᠨ ᠦᠯᠢᠭᠡᠷ ᠲᠤᠭᠤᠵᠢ >》 ᠪᠣᠯ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋《 ᠭᠡᠰᠡᠷ》ᠢ᠋ ᠠᠪᠤᠷᠠᠨ ᠬᠠᠮᠠᠭᠠᠯᠠᠬᠤ ᠢᠨᠵᠧᠨᠧᠷᠢᠩ ᠤ᠋ᠨ ᠠᠵᠢᠯ ᠤ᠋ᠨ ᠲᠥᠰᠦᠯ᠂ 《ᠮᠣᠩᠭᠤᠯ ᠭᠡᠰᠡᠷ ᠤ᠋ᠨ ᠴᠤᠪᠤᠷᠠᠯ》 ᠤ᠋ᠨ 20 ᠳ᠋ᠤᠭᠠᠷ ᠳᠡᠪᠲᠡᠷ ᠢ᠋ᠶ᠋ᠡᠷ 2018 ᠣᠨ ᠳ᠋ᠤ᠌ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶᠠᠨ ᠳ᠋ᠤ᠌ ᠬᠡᠪᠯᠡᠭᠳᠡᠪᠡ᠃ᠡᠨᠡ ᠬᠦ᠌ ᠨᠣᠮ ᠨᠢ《 ᠭᠤᠷᠪᠠᠨ ᠬᠤᠷᠠᠳ》 ᠤ᠋ᠨ ᠲᠤᠬᠠᠢ ᠠᠮᠠᠨ ᠶᠠᠷᠢᠶᠠᠨ ᠲᠡᠦᠬᠡ ᠶ᠋ᠢᠨ ᠮᠥᠷᠳᠡᠯ᠂ ᠭᠡᠰᠡᠷ ᠤ᠋ᠨ ᠦᠯᠢᠭᠡᠷ ᠲᠤᠭᠤᠵᠢ᠂ ᠳᠠᠭᠠᠯᠳᠤᠭᠤᠯᠤᠯ ᠭᠡᠬᠦ ᠭᠤᠷᠪᠠᠨ ᠪᠦᠯᠦᠭ ᠢ᠋ᠶ᠋ᠡᠷ ᠪᠦᠷᠢᠯᠳᠦᠵᠦ᠂ ᠭᠣᠣᠯᠳᠠᠭᠤ ᠰᠦᠪᠸᠢ ᠨᠤᠲᠤᠭ ᠢ᠋ᠶ᠋ᠡᠷ ᠲᠠᠷᠬᠠᠵᠤ ᠪᠠᠢᠭ᠎ᠠ《 ᠭᠤᠷᠪᠠᠨ ᠬᠠᠨ》 ᠤ᠋ ᠲᠤᠬᠠᠢ ᠮᠥᠷᠳᠡᠯ ᠂ ᠰᠦᠪᠸᠢ ᠨᠤᠲᠤᠭ ᠢ᠋ᠶ᠋ᠡᠷ ᠲᠠᠷᠬᠠᠵᠤ ᠪᠠᠢᠭ᠎ᠠ ᠭᠡᠰᠡᠷ ᠦ᠋ᠨ ᠦᠯᠢᠭᠡᠷ ᠲᠤᠭᠤᠵᠢ ᠂ᠰᠦᠪᠸᠢ ᠭᠡᠰᠡᠷᠴᠢ ᠶ᠋ᠢᠨ ᠨᠠᠮᠲᠠᠷ ᠵᠡᠷᠭᠡ ᠠᠭᠤᠯᠭ᠎ᠠ ᠲᠠᠢ᠃