ᠡᠮᠦᠨᠡᠬᠢ ᠦᠭᠡ

     ᠲᠤᠮᠳᠠᠳᠦ ᠤᠯᠤᠰ ᠪᠣᠯ ᠡᠯ᠎ᠡ ᠦᠨᠳᠤᠰᠤᠳᠡᠨ ᠬᠠᠮᠳᠤᠪᠡᠷ ᠴᠣᠭᠴᠠᠯᠠᠨ ᠪᠠᠢᠭᠤᠯᠤᠭᠰᠠᠨ ᠤᠯᠠᠨ ᠦᠨᠳᠤᠰᠤᠳᠡᠨ ᠲᠡᠢ ᠨᠢᠭᠡᠲᠦᠭᠰᠡᠨ ᠤᠯᠤᠰ ᠶᠤᠮ᠃ ᠤᠷᠳᠦ ᠤᠳᠠᠭᠠᠨ ᠲᠡᠤᠬᠡᠨ  ᠬᠥᠭᠵᠢᠯᠲᠡ ᠶᠢᠨ ᠠᠬᠢᠴᠠ ᠳᠦ᠂  ᠡᠯ᠎ᠡ ᠦᠨᠳᠤᠰᠤᠳᠡᠨ ᠦᠨᠢᠷ ᠪᠠᠶᠠᠯᠢᠭ ᠲᠡᠦᠬᠡ ᠰᠤᠶᠤᠯ ᠢ ᠡᠭᠦᠳᠤᠨ ᠪᠦᠲᠦᠭᠡᠭᠰᠡᠨ ᠪᠠ ᠬᠤᠷᠠᠮᠳᠤᠭᠤᠯᠵᠦ᠂  ᠦᠯᠡᠮᠵᠢ ᠶᠡᠬᠡ ᠰᠤᠳᠤᠷ ᠪᠢᠴᠢᠭ ᠢ ᠥᠪᠯᠡᠭᠦᠯᠦᠨ ᠦᠯᠡᠳᠡᠭᠡᠵᠡᠢ᠃  ᠡᠳᠡᠭᠡᠷ ᠨᠢ ᠦᠨᠡᠯᠡᠵᠦ ᠦᠷᠳᠡᠭᠯᠡᠰᠢ ᠦᠭᠡᠢ ᠡᠳ᠋ ᠪᠠᠶᠠᠯᠢᠭ ᠮᠦᠨ ᠪᠦᠭᠡᠳ ᠳᠤᠮᠳᠠᠳᠤ ᠶᠢᠨ ᠦᠨᠳᠤᠰᠤᠳᠡᠨ ᠤ ᠤᠢ ᠤᠬᠠᠭᠠᠨ ᠪᠠ ᠪᠦᠳᠤᠭᠡᠯᠴᠢ ᠴᠢᠳᠠᠪᠦᠷᠢ ᠶᠢᠨ ᠬᠢᠨᠢ ᠣᠬᠢ ᠲᠠᠯᠠᠰᠳᠦ ᠪᠣᠯᠣᠭᠰᠠᠨ ᠪᠠᠢᠳᠠᠭ᠃

     ᠴᠥᠬᠡᠨ ᠲᠤᠭᠠᠳᠦ ᠦᠨᠳᠤᠰᠤᠳᠡᠨ ᠤ ᠲᠡᠦᠬᠡᠨ ᠬᠥᠭᠵᠢᠯᠲᠡ ᠶ᠋ᠢᠨ ᠠᠬᠢᠴᠠ ᠶ᠋ᠢ ᠠᠴᠢᠶᠠᠯᠠᠨ ᠲᠡᠮᠳᠡᠭᠯᠡᠭᠰᠡᠨ ᠴᠦ᠋ᠬᠡᠨ ᠲᠣᠭᠠᠲᠤ ᠦᠨᠳᠦᠰᠦᠲᠡᠨ ᠤ᠋ ᠰᠤᠳᠤᠷ ᠪᠢᠴᠢᠭ ᠨᠢ ᠴᠦᠭᠡᠨ ᠲᠤᠭᠠᠳᠦ ᠦᠨᠳᠤᠰᠤᠳᠡᠨ ᠤ ᠦᠪᠡᠷᠮᠢᠴᠠ ᠦᠷᠳᠡᠭ ᠤᠨ ᠦᠵᠡᠯᠲᠡ᠂  ᠰᠡᠳᠭᠢᠬᠦᠢ ᠶᠢᠨ ᠬᠡᠯᠪᠡᠷᠢ ᠪᠠ ᠳᠦᠷᠰᠦᠯᠡᠨ ᠪᠤᠳᠤᠯᠳᠠ᠂ ᠪᠦᠳᠤᠭᠡᠯᠴᠢ ᠴᠢᠨᠠᠷ ᠠᠭᠤᠯᠤᠭᠳᠠᠭᠰᠠᠨ ᠠᠴᠠ ᠲᠡᠷᠡ ᠨᠢ ᠬᠦᠮᠤᠨ ᠲᠦᠷᠤᠯᠬᠢᠳᠡᠨ ᠤ ᠪᠤᠯᠪᠠᠰᠤᠨ ᠤ ᠦᠨᠠᠳᠦ ᠡᠷᠳᠡᠨᠢ ᠪᠣᠯᠬᠣ ᠶᠤᠮ᠃  ᠴᠦᠭᠡᠨ ᠲᠤᠭᠠᠳᠦ ᠦᠨᠳᠤᠰᠤᠳᠡᠨ ᠤ ᠰᠤᠳᠤᠷ ᠪᠢᠴᠢᠭ ᠤᠨ ᠠᠪᠦᠷᠠᠯᠳᠠ ᠪᠠ ᠬᠠᠮᠠᠭᠠᠯᠠᠯᠳᠠ ᠶᠢ ᠴᠢᠩᠭᠠᠳᠬᠠᠬᠤ ᠨᠢ ᠲᠤᠮᠳᠠᠳᠦ ᠶᠢᠨ ᠰᠤᠶᠤᠯ ᠤᠨ ᠬᠦᠮᠤᠷᠭᠡ ᠶᠢ  ᠨᠡᠩ ᠪᠠᠶᠠᠯᠢᠭᠵᠢᠭᠤᠯᠵᠦ᠂  ᠳᠤᠮᠳᠠᠳᠤ ᠶᠢᠨ ᠦᠨᠳᠤᠰᠤᠳᠡᠨ ᠤ ᠬᠦᠭᠵᠢᠯᠳᠠ ᠶᠢᠨ ᠶᠠᠪᠦᠴᠠ ᠶᠢ ᠪᠦᠬᠦ ᠲᠠᠯ᠎ᠠ ᠢᠶᠠᠷ ᠤᠢᠯᠠᠭᠠᠬᠤ ᠪᠠ ᠡᠷᠬᠡ ᠲᠡᠭᠰᠢ᠂  ᠪᠦᠯᠬᠦᠮᠳᠡᠯ ᠲᠡᠢ᠂  ᠬᠠᠷᠢᠯᠴᠠᠨ ᠬᠠᠪᠰᠤᠷᠤᠯᠴᠠᠭᠰᠠᠨ᠂  ᠡᠶ᠎ᠡ ᠵᠤᠬᠢᠴᠠᠩᠭᠤᠢ ᠨᠡᠢᠬᠡᠮ ᠵᠢᠷᠤᠮᠳᠦ ᠰᠢᠨ᠎ᠡ ᠦᠨᠳᠤᠰᠤᠳᠡᠨ ᠤ ᠬᠠᠷᠢᠴᠠᠭ᠎ᠠ ᠶᠢ ᠪᠠᠲᠤᠵᠢᠭᠤᠯᠤᠨ ᠬᠥᠭᠵᠢᠭᠦᠯᠵᠦ᠂    ᠳᠤᠮᠳᠠᠳᠤ ᠶᠢᠨ ᠦᠨᠳᠤᠰᠤᠳᠡᠨ ᠤ  ᠬᠠᠮᠳᠦ ᠴᠣᠭᠴᠠᠲᠤ ᠦᠵᠡᠯ ᠢ ᠪᠦᠷᠢᠯᠳᠤᠭᠦᠯᠬᠦ  ᠳᠦ ᠴᠢᠬᠤᠯᠠ ᠶᠡᠬᠡ ᠲᠡᠤᠬᠡ ᠶᠢᠨ ᠦᠨ᠎ᠠ ᠴᠠᠨ᠎ᠠ ᠪᠠ ᠪᠤᠳᠠᠳᠦ ᠠᠴᠢ ᠬᠤᠯᠪᠤᠭᠳᠡᠯ ᠲᠡᠢ ᠪᠠᠢᠳᠠᠭ᠃

    ᠳᠤᠮᠳᠠᠳᠦ ᠶᠢᠨ ᠦᠨᠳᠤᠰᠤᠳᠡᠨ ᠤ ᠤᠯᠠᠮᠵᠢᠯᠠᠯᠳᠦ ᠰᠢᠯᠢᠳᠡᠭ ᠰᠤᠶᠤᠯ ᠢ ᠰᠤᠷᠳᠠᠯᠴᠢᠯᠠᠨ ᠤᠬᠠᠭᠤᠯᠵᠦ ᠴᠦᠭᠡᠨ ᠲᠤᠭᠠᠳᠦ ᠦᠨᠳᠤᠰᠤᠳᠡᠨ ᠤ ᠰᠤᠳᠤᠷ ᠪᠢᠴᠢᠭ ᠤᠨ ᠷᠢᠳᠢ ᠰᠢᠳᠢ ᠪᠤᠯᠤᠨ ᠦᠨ᠎ᠡ ᠦᠷᠳᠡᠭ ᠢ ᠬᠦᠢᠴᠠᠤᠨ ᠪᠠᠳᠠᠷᠠᠭᠤᠯᠬᠤ ᠶᠢᠨ ᠲᠦᠯᠤᠭᠡ ᠤᠯᠤᠰ ᠤᠨ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ ᠤᠨ ᠪᠦᠬᠦ ᠤᠯᠤᠰ ᠤᠨ ᠴᠦᠭᠡᠨ ᠲᠤᠭᠠᠳᠦ ᠦᠨᠳᠤᠰᠤᠳᠡᠨ ᠤ ᠰᠤᠳᠤᠷ ᠪᠢᠴᠢᠭ ᠢ ᠡᠮᠬᠢᠳᠭᠡᠨ ᠰᠤᠳᠤᠯᠬᠤ ᠠᠯᠪᠠᠨ ᠭᠡᠷ 《ᠦᠨᠳᠤᠰᠤᠳᠡᠨ ᠤ ᠨᠠᠨᠳᠢᠨ ᠦᠪ᠂  ᠪᠢᠴᠢᠭ ᠰᠤᠷᠪᠤᠯᠵᠢᠳᠦ ᠲᠤᠮᠳᠠᠳᠦ —  ᠲᠤᠮᠳᠠᠳᠦ ᠤᠯᠤᠰ ᠤᠨ ᠴᠦᠭᠡᠨ ᠲᠤᠭᠠᠳᠦ ᠦᠨᠳᠤᠰᠤᠳᠡᠨ ᠤ ᠲᠤᠷᠠᠰᠬᠠᠯᠳᠦ ᠪᠢᠴᠢᠭ ᠵᠢᠴᠢ ᠬᠠᠮᠠᠭᠠᠯᠠᠯᠳᠠ ᠶᠢᠨ ᠦᠷ᠎ᠡ ᠪᠦᠳᠤᠭᠡᠯ ᠤᠨ ᠪᠦᠬᠦ ᠤᠯᠤᠰ ᠳ᠋ᠡᠬᠢ ᠲᠤᠭᠤᠷᠢᠨ ᠦᠵᠡᠭᠦᠯᠭᠡ 》 ᠶᠢᠨ ᠠᠵᠢᠯᠯᠠᠭ᠎ᠠ ᠶᠢ ᠥᠷᠨᠢᠭᠦᠯᠵᠦ᠂  ᠴᠦᠭᠡᠨ ᠲᠤᠭᠠᠳᠦ ᠦᠨᠳᠤᠰᠤᠳᠡᠨ ᠤ ᠲᠦᠯᠦᠭᠡᠯᠡᠬᠦ ᠴᠢᠨᠠᠷ ᠪᠦᠬᠦᠢ ᠲᠤᠷᠠᠰᠬᠠᠯᠳᠦ ᠪᠢᠴᠢᠭ ᠪᠠ ᠬᠠᠮᠠᠭᠠᠯᠠᠯᠳᠠ ᠶᠢᠨ ᠦᠷ᠎ᠡ ᠪᠦᠳᠤᠭᠡᠯ ᠢ ᠲᠠᠯᠭᠡᠨ ᠦᠵᠡᠭᠦᠯᠵᠦ᠂  ᠴᠦᠭᠡᠨ ᠲᠤᠭᠠᠳᠦ ᠦᠨᠳᠤᠰᠤᠳᠡᠨ ᠤ ᠰᠤᠳᠤᠷ ᠪᠢᠴᠢᠭ ᠢ ᠬᠠᠮᠠᠭᠠᠯᠠᠬᠤ᠂  ᠠᠪᠤᠷᠠᠬᠤ᠂  ᠪᠠᠢᠴᠠᠭᠠᠬᠤ᠂  ᠴᠤᠭᠯᠠᠭᠤᠯᠬᠤ᠂  ᠡᠮᠬᠢᠳᠭᠡᠬᠦ᠂  ᠤᠷᠴᠢᠭᠤᠯᠬᠤ᠂  ᠬᠡᠪᠯᠡᠭᠦᠯᠬᠦ᠂  ᠰᠤᠳᠤᠯᠬᠤ ᠵᠡᠷᠭᠡ ᠲᠠᠯ᠎ᠠ ᠪᠠᠷ ᠬᠢᠭᠰᠡᠨ ᠭᠤᠴᠢᠭᠠᠳ ᠵᠢᠯ ᠤᠨ ᠲᠤᠷᠰᠢᠬᠢ ᠠᠵᠢᠯ ᠤᠨ ᠠᠮᠵᠢᠯᠳᠠ ᠶᠢ ᠰᠤᠷᠳᠠᠯᠴᠢᠯᠠᠨ ᠤᠬᠠᠭᠤᠯᠵᠤ᠂  ᠥᠷᠭᠡᠨ ᠣᠯᠠᠨ ᠦᠵᠡᠭᠴᠢᠳ ᠲᠦ ᠲᠤᠮᠳᠠᠳᠦ ᠶᠢᠨ ᠦᠨᠳᠤᠰᠤᠳᠡᠨ ᠤ ᠦᠨᠢᠷ ᠪᠠᠶᠠᠯᠢᠭ ᠡᠷᠳᠡᠨ ᠤ ᠪᠤᠯᠪᠠᠰᠤᠨ ᠪᠠ ᠦᠨᠢ ᠤᠳᠠᠭᠠᠨ ᠰᠤᠶᠤᠯ ᠤᠨ ᠤᠯᠠᠮᠵᠢᠯᠠᠯ ᠢ  ᠬᠠᠷᠠᠭᠤᠯᠵᠤ᠂  ᠰᠣᠶᠣᠯ ᠢᠶᠠᠷ ᠮᠡᠳᠡᠷᠡᠬᠦᠢ ᠤᠬᠠᠮᠰᠠᠷ ᠪᠠ ᠰᠤᠶᠤᠯ ᠤᠨ ᠢᠲᠡᠭᠡᠯ ᠢ ᠲᠡᠭᠡᠭᠰᠢᠯᠡᠭᠦᠯᠵᠦ᠂ 《ᠳᠤᠮᠳᠠᠳᠦ ᠶᠢᠨ ᠦᠨᠳᠤᠰᠤᠳᠡᠨ ᠨᠢᠭᠡ ᠭᠡᠷ ᠪᠦᠯᠢ᠂  ᠳᠤᠮᠳᠠᠳᠦ ᠶᠢᠨ ᠬᠦᠰᠡᠯ ᠢᠶᠠᠨ ᠬᠠᠮᠲᠤᠪᠡᠷ ᠪᠡᠶᠡᠯᠡᠭᠦᠯᠬᠦ》ᠴᠠᠭ ᠦᠶ᠎ᠡ ᠶᠢᠨ ᠬᠦᠭ ᠠᠶᠠᠰ ᠢ ᠴᠢᠪᠬᠠᠳᠠᠭᠠᠳ᠂  ᠡᠯ᠎ᠡ ᠦᠨᠳᠤᠰᠤᠳᠡᠨ ᠤ ᠬᠠᠮᠳᠦ ᠶᠢᠨ ᠤᠶᠤᠨ ᠤ ᠭᠡᠷ ᠤᠷᠤᠨ ᠢ ᠪᠦᠲᠦᠭᠡᠨ ᠪᠠᠢᠭᠤᠯᠤᠭᠰᠠᠨ ᠪᠠᠢᠨ᠎ᠠ᠃  ᠲᠣᠭᠤᠷᠢᠨ ᠦᠵᠡᠭᠦᠯᠭᠡ ᠨᠢ ᠭᠤᠧᠠᠩᠰᠢ ᠶᠢᠨ ᠨᠠᠨᠨᠢᠩ ᠬᠤᠲᠠ᠂  ᠰᠢᠨᠵᠢᠶᠡᠩ ᠦᠨ ᠦᠷᠦᠮᠵᠢ᠂  ᠶᠦᠨᠨᠠᠨ ᠤ ᠯᠢ ᠵᠢᠶᠠᠩ᠂  ᠰᠧᠴᠤᠧᠠᠨ ᠤ ᠴᠧᠩᠳᠦ    ᠪᠠᠷᠠᠭᠤᠨ ᠡᠮᠦᠨᠡᠳᠦ ᠶᠢᠨ ᠦᠨᠳᠦᠰᠦᠳᠡᠨ ᠦ ᠶᠡᠬᠡ ᠰᠤᠷᠭᠠᠭᠤᠯᠢ ᠵᠡᠷᠭᠡ ᠭᠠᠵᠡᠷ ᠲᠤ ᠤᠷᠢᠤᠨ ᠬᠤᠵᠢᠤᠨ ᠵᠢᠷᠭᠤᠭᠠᠨ ᠤᠳᠠᠭ᠎ᠠ ᠶᠠᠪᠤᠭᠳᠠᠵᠤ ᠂  ᠪᠠᠷᠤᠭ ᠵᠠᠭᠤᠨ ᠲᠦᠮᠡᠨ ᠬᠦᠮᠦᠨ ᠦᠵᠡᠭᠦᠯᠭᠡ ᠶᠢ ᠲᠤᠭᠤᠷᠢᠨ ᠦᠵᠡᠭᠰᠡᠨ ᠪᠠᠢᠨ᠎ᠠ᠃

        2019 ᠤᠨ ᠪᠣᠯ 《 ᠤᠯᠤᠰ ᠤᠨ ᠦᠨᠳᠦᠰᠦᠳᠡᠨ ᠦ ᠬᠡᠷᠡᠭ ᠡᠷᠬᠢᠯᠡᠬᠦ ᠵᠦᠪᠯᠡᠯ ᠦᠨ ᠴᠦᠬᠡᠨ ᠲᠤᠭᠠᠲᠤ ᠦᠨᠳᠦᠰᠦᠳᠡᠨ ᠦ ᠰᠣᠳᠣᠷ ᠪᠢᠴᠢᠭ ᠢ ᠠᠪᠤᠷᠠᠨ ᠬᠠᠮᠠᠭᠠᠯᠠᠬᠤ᠂  ᠴᠤᠭᠯᠠᠭᠤᠯᠤᠨ ᠡᠮᠬᠢᠳᠭᠡᠬᠦ ᠭᠤᠶᠤᠴᠢᠯᠠᠯ ᠢ ᠲᠦᠷᠦ ᠶᠢᠨ ᠶᠠᠪᠤᠳᠠᠯ ᠤᠨ ᠬᠤᠷᠢᠶᠠᠨ ᠤ᠋ ᠠᠯᠪᠠᠨ ᠲᠢᠩᠬᠢᠮ  ᠤ᠋ᠨ  ᠲᠠᠮᠵᠢᠭᠤᠯᠤᠨ ᠲᠠᠷᠬᠠᠭᠠᠬᠤ ᠮᠡᠳᠡᠭᠳᠡᠯ 》( ᠲᠦᠷᠦ ᠶᠢᠨ ᠶᠠᠪᠤᠳᠠᠯ ᠤᠨ ᠬᠣᠷᠢᠶᠠᠨ ᠤ᠋ ᠠᠯᠪᠠᠨ ᠲᠢᠩᠬᠢᠮ ᠤ᠋ᠨ  ᠲᠠᠷᠬᠠᠭᠠᠭᠰᠠᠨ 〔1984〕30 ᠳ᠋ᠤᠭᠠᠷ ᠲᠤᠭᠠᠳᠦ ) ᠨᠠᠢᠳᠡᠯᠡᠭᠳᠡᠭᠰᠡᠨ 35 ᠵᠢᠯ ᠤᠨ ᠤᠢ ᠲᠣᠬᠢᠶᠠᠯᠳᠤᠵᠤ ᠪᠠᠢᠭ᠎ᠠ ᠪᠥᠭᠡᠳ  ᠲᠤᠭᠤᠷᠢᠨ ᠦᠵᠡᠭᠦᠯᠭᠡ ᠥᠪᠥᠷ ᠮᠣᠩᠭᠣᠯ ᠤᠨ ᠦᠪᠡᠷᠲᠡᠭᠡᠨ ᠵᠠᠰᠠᠬᠤ ᠣᠷᠣᠨ ᠳᠦ ᠶᠠᠪᠤᠭᠳᠠᠵᠤ ᠪᠠᠢᠭ᠎ᠠ ᠨᠢ ᠥᠪᠥᠷ ᠮᠣᠩᠭᠣᠯ ᠤᠨ ᠴᠦᠬᠡᠨ ᠲᠣᠭᠠᠲᠤ ᠦᠨᠳᠦᠰᠦᠳᠡᠨ ᠦ ᠰᠣᠳᠣᠷ ᠪᠢᠴᠢᠭ ᠦᠨ ᠠᠵᠢᠯ ᠤᠨ ᠦᠪᠡᠷᠮᠢᠴᠡ ᠤᠨᠴᠠᠯᠢᠭ ᠪᠠ ᠬᠢᠯᠠᠰ ᠴᠡᠭ ᠲᠠᠢ ᠤᠶᠠᠯᠳᠤᠭᠤᠯᠤᠨ ᠪᠦᠬᠦ ᠤᠯᠤᠰ ᠤᠨ ᠴᠦᠬᠡᠨ ᠲᠤᠭᠠᠳᠤ ᠦᠨᠳᠦᠰᠦᠳᠡᠨ ᠦ ᠰᠣᠳᠣᠷ ᠪᠢᠴᠢᠭ ᠦᠨ ᠠᠵᠢᠯ ᠤᠨ ᠬᠢᠯᠠᠯᠵᠠᠮ᠎ᠠ ᠠᠮᠵᠢᠯᠲᠠ ᠶᠢ ᠲᠡᠯᠭᠡᠨ  ᠦᠵᠡᠭᠦᠯᠵᠦ  ᠪᠦᠭᠦᠳᠠ ᠨᠠᠢᠷᠠᠮᠳᠠᠬᠤ ᠲᠤᠮᠳᠠᠳᠦ ᠠᠷᠠᠤᠨ ᠤᠯᠤᠰ ᠪᠠᠢᠭᠤᠯᠤᠭᠳᠠᠭᠰᠡᠨ 70 ᠵᠢᠯ ᠤᠨ ᠤᠢ ᠳᠤ ᠪᠡᠯᠡᠭ ᠪᠤᠯᠭᠠᠨ  ᠲᠡᠪᠰᠢᠭᠦᠯᠵᠦ ᠪᠠᠢᠨᠠᠮ᠃

蒙ICP备17000293号-1 蒙公网安备 15010202150932号