ᠵᠠᠩᠭᠠᠷᠴᠢ ᠫᠦᠷᠪᠦᠵᠠᠪ ᠪᠣᠯ ᠪᠣᠷᠤᠲᠠᠯ᠎ᠠ ᠶ᠋ᠢᠨ ᠮᠣᠩᠭᠤᠯ ᠥᠪᠡᠷᠲᠡᠭᠡᠨ ᠵᠠᠰᠠᠬᠤ ᠵᠸᠦ ᠶ᠋ᠢᠨ ᠪᠣᠷᠤᠲᠠᠯ᠎ᠠ ᠬᠣᠲᠠ ᠶ᠋ᠢᠨ ᠬᠥᠮᠦᠨ᠃1923 ᠣᠨ ᠳ᠋ᠤ᠌ ᠪᠣᠷᠤᠲᠠᠯ᠎ᠠ ᠶ᠋ᠢᠨ ᠴᠠᠬᠠᠷ ᠨᠤᠲᠤᠭ ᠤ᠋ᠨ ᠰᠢᠨ᠎ᠡ ᠠᠩᠭᠢ ᠶ᠋ᠢᠨ ᠪᠠᠭ᠎ᠠ ᠬᠥᠬᠡ ᠰᠤᠮᠤᠨ ᠤ᠋ ᠰᠢᠷᠠᠬᠦᠦ ᠶ᠋ᠢᠨ ᠭᠡᠷ ᠲᠤ᠌ ᠲᠥᠷᠦᠵᠡᠢ᠃ ᠲᠡᠷᠡ ᠪᠣᠷᠤᠲᠠᠯ᠎ᠠ ᠶ᠋ᠢᠨ ᠥᠪᠡᠷᠲᠡᠭᠡᠨ ᠵᠠᠰᠠᠬᠤ ᠵᠸᠦ ᠶ᠋ᠢᠨ ᠤᠯᠤᠰ ᠲᠥᠷᠦ ᠶ᠋ᠢᠨ ᠵᠥᠪᠯᠡᠯᠭᠡᠨ ᠤ᠋ ᠭᠡᠰᠢᠭᠦᠨ᠂ ᠳᠤᠮᠳᠠᠳᠤ ᠤᠯᠤᠰ ᠤ᠋ᠨ ᠠᠷᠠᠳ ᠤ᠋ᠨ ᠠᠮᠠᠨ ᠵᠣᠬᠢᠶᠠᠯᠴᠢᠳ ᠤᠷᠠᠯᠢᠭᠴᠢᠳ ᠤ᠋ᠨ ᠨᠡᠢᠭᠡᠮᠯᠢᠭ ᠤ᠋ᠨ ᠭᠡᠰᠢᠭᠦᠨ ᠪᠥᠭᠡᠳ ᠰᠢᠨᠵᠢᠶᠠᠩ ᠤ᠋ᠨ ᠬᠤᠪᠢᠶᠠᠷᠢ ᠨᠡᠢᠭᠡᠮᠯᠢᠭ ᠤ᠋ᠨ ᠭᠡᠰᠢᠭᠦᠨ ᠮᠥᠨ᠃ ᠲᠡᠷᠡ 1930 ᠣᠨ ᠤ᠋ ᠪᠠᠷᠤᠭ ᠢ᠋ᠶ᠋ᠡᠷ ᠰᠢᠨ᠎ᠡ ᠠᠩᠭᠢ ᠶ᠋ᠢᠨ ᠪᠠᠭᠠᠲᠤᠷ ᠤ᠋ᠨ ᠪᠢᠮᠪᠠ ᠭᠡᠳᠡᠭ ᠵᠠᠩᠭᠠᠷᠴᠢ ᠡᠴᠡ《 ᠵᠠᠩᠭᠠᠷ》 ᠤ᠋ᠨ ᠲᠤᠤᠯᠢ ᠶ᠋ᠢ ᠰᠤᠷᠴᠤ᠂ ᠡᠮᠦᠨ᠎ᠡ ᠬᠣᠢᠨ᠎ᠠ7000 ᠮᠥᠷ ᠰᠢᠯᠦᠭ ᠲᠠᠢ᠂ 3 ᠪᠦᠯᠦᠭ《 ᠵᠠᠩᠭᠠᠷ》 ᠤ᠋ᠨ ᠲᠤᠤᠯᠢ ᠶ᠋ᠢ ᠬᠡᠯᠡᠳᠡᠭ᠃ ᠫᠦᠷᠪᠦᠵᠠᠪ《 ᠵᠠᠩᠭᠠᠷ》 ᠢ᠋ ᠰᠠᠢᠬᠠᠨ ᠠᠶᠠᠰ ᠲᠠᠢ ᠬᠥᠳᠡᠯᠭᠡᠭᠡᠨ ᠲᠠᠢ ᠬᠡᠯᠡᠳᠡᠭ ᠪᠥᠭᠡᠳ ᠦᠯᠢᠭᠡᠷ ᠲᠤᠤᠯᠢ᠂ ᠤᠷᠲᠦ ᠣᠬᠤᠷ ᠳᠠᠭᠤᠤ ᠶ᠋ᠢ ᠠᠷᠪᠢᠨ ᠮᠡᠳᠡᠨ᠎ᠡ᠃
1981 ᠣᠨ ᠤ᠋ 6 ᠰᠠᠷ᠎ᠠ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠡᠴᠡ ᠷᠠᠰᠢᠶᠠᠨ ᠰᠢᠶᠠᠨ ᠳ᠋ᠤ᠌ ᠬᠤᠷᠠᠯᠳᠤᠭᠤᠯᠤᠭᠰᠠᠨ ᠢᠯᠢ ᠠᠢᠮᠠᠭ ᠪᠠ ᠪᠣᠷᠤᠲᠠᠯ᠎ᠠ ᠵᠸᠦ ᠶ᠋ᠢᠨ ᠵᠠᠩᠭᠠᠷᠴᠢᠳ ᠤ᠋ᠨ《 ᠵᠠᠩᠭᠠᠷ》 ᠲᠤᠤᠯᠢ ᠬᠠᠢᠯᠠᠬᠤ ᠬᠤᠷᠠᠯ᠂1982 ᠣᠨ ᠤ᠋ 8 ᠰᠠᠷ᠎ᠠ ᠳ᠋ᠤ᠌ ᠥᠷᠦᠮᠴᠢ ᠬᠣᠲᠠ ᠳ᠋ᠤ᠌ ᠪᠣᠯᠤᠭᠰᠠᠨ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠠᠩᠬᠠᠳᠠᠭᠴᠢ ᠤᠳᠠᠭᠠᠨ ᠤ᠋《ᠵᠠᠩᠭᠠᠷ》 ᠤ᠋ᠨ ᠲᠤᠤᠯᠢ ᠶ᠋ᠢᠨ ᠡᠷᠳᠡᠮ ᠰᠢᠨᠵᠢᠯᠡᠭᠡᠨ ᠤ᠋ ᠶᠠᠷᠢᠯᠴᠠᠬᠤ ᠬᠤᠷᠠᠯ᠂ 1985 ᠣᠨ ᠤ᠋ 8 ᠰᠠᠷ᠎ᠠ ᠳ᠋ᠤ᠌ ᠥᠷᠦᠮᠴᠢ ᠬᠣᠲᠠ ᠳ᠋ᠤ᠌ ᠬᠤᠷᠠᠯᠳᠤᠭᠰᠠᠨ ᠪᠦᠬᠦ ᠤᠯᠤᠰ ᠤ᠋ᠨ ᠴᠦ᠋ᠬᠡᠨ ᠲᠣᠭᠠᠲᠦ ᠦᠨᠳᠦᠰᠦᠲᠡᠨ ᠤ᠋ ᠵᠣᠬᠢᠶᠠᠯᠴᠢᠳ ᠤ᠋ᠨ ᠨᠡᠢᠭᠡᠮᠯᠢᠭ ᠤ᠋ᠨ ᠡᠭᠡᠯᠵᠢᠲᠦ ᠬᠤᠷᠠᠯ᠂ 1986 ᠣᠨ ᠤ᠋ 6 ᠰᠠᠷ᠎ᠠ ᠳ᠋ᠤ᠌ ᠪᠣᠷᠤᠲᠠᠯ᠎ᠠ ᠬᠣᠲᠠ ᠡᠴᠡ ᠬᠠᠷᠠᠲᠤᠷᠤᠭ ᠲᠤ᠌ ᠬᠢᠭᠰᠡᠨ ᠠᠷᠠᠳ ᠤ᠋ᠨ ᠤᠷᠠᠯᠢᠭᠴᠢᠳ ᠤ᠋ᠨ ᠬᠤᠷᠠᠯ᠂ 1988 ᠣᠨ ᠤ᠋ 8 ᠰᠠᠷ᠎ᠠ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠥᠷᠦᠮᠴᠢ ᠬᠣᠲᠠ ᠳ᠋ᠤ᠌ ᠬᠤᠷᠠᠯᠳᠤᠭᠰᠠᠨ ᠣᠯᠠᠨ ᠤᠯᠤᠰ ᠤ᠋ᠨ《ᠵᠠᠩᠭᠠᠷ》 ᠤ᠋ᠨ ᠡᠷᠳᠡᠮ ᠰᠢᠨᠵᠢᠯᠡᠭᠡᠨ ᠤ᠋ ᠶᠠᠷᠢᠯᠴᠠᠬᠤ ᠬᠤᠷᠠᠯ ᠤ᠋ᠨ ᠬᠠᠮᠢᠶᠠᠷ ᠢ᠋ᠶ᠋ᠡᠷ ᠬᠠᠷᠬᠤᠰᠤᠨ ᠰᠢᠶᠠᠨ ᠤ᠋ ᠰᠠᠯᠬᠢᠲᠦ ᠮᠠᠯᠵᠢᠬᠤ ᠲᠠᠯᠠᠪᠠᠢ ᠳ᠋ᠤ᠌ ᠬᠢᠭᠰᠡᠨ 《ᠵᠠᠩᠭᠠᠷ》 ᠤ᠋ᠨ ᠲᠤᠤᠯᠢ ᠬᠠᠢᠯᠠᠬᠤ ᠴᠤᠭᠯᠠᠭᠠᠨ᠂1989 ᠣᠨ ᠤ᠋ 8 ᠰᠠᠷ᠎ᠠ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠡᠴᠡ ᠪᠡᠭᠡᠵᠢᠩ ᠳ᠋ᠤ᠌ ᠨᠡᠭᠡᠭᠡᠭᠰᠡᠨ《ᠵᠠᠩᠭᠠᠷ》 ᠤ᠋ᠨ ᠲᠤᠤᠯᠢ ᠶ᠋ᠢ ᠴᠤᠭᠯᠠᠭᠤᠯᠵᠤ ᠡᠮᠬᠢᠳᠭᠡᠵᠦ ᠬᠡᠪᠯᠡᠭᠰᠡᠨ ᠦᠷ᠎ᠡ ᠪᠦᠲᠦᠭᠡᠯ ᠤ᠋ᠨ ᠦᠵᠡᠰᠭᠦᠯᠡᠩ ᠳ᠋ᠤ᠌ ᠲᠤᠰ ᠲᠤᠰ ᠵᠠᠯᠠᠭᠳᠠᠨ ᠣᠷᠤᠯᠴᠠᠵᠤ᠂ 《ᠵᠠᠩᠭᠠᠷ》 ᠤ᠋ᠨ ᠲᠤᠤᠯᠢ ᠬᠠᠢᠯᠠᠭᠠᠳ ᠤᠯᠤᠰ ᠤ᠋ᠨ ᠲᠤᠲᠤᠭᠠᠳᠦ ᠭᠠᠳᠠᠭᠠᠳᠦ ᠶ᠋ᠢᠨ ᠡᠷᠳᠡᠮᠲᠡᠨ ᠪᠠ ᠡᠯ᠎ᠡ ᠦᠨᠳᠦᠰᠦᠲᠡᠨ ᠤ᠋ ᠦᠵᠡᠭᠴᠢᠳ( ᠰᠣᠨᠤᠰᠤᠭᠴᠢᠳ) ᠲᠤ᠌ ᠮᠠᠭᠲᠠᠭᠳᠠᠪᠠ᠃
ᠲᠡᠷᠡ 1989 ᠣᠨ ᠤ᠋ 9 ᠰᠠᠷ᠎ᠠ ᠳ᠋ᠤ᠌ ᠳᠤᠮᠳᠠᠳᠤ ᠤᠯᠤᠰ ᠤ᠋ᠨ ᠰᠣᠶᠤᠯ ᠤ᠋ᠨ ᠶᠠᠮᠤᠨ ᠡᠴᠡ ᠨᠢᠭᠡᠳᠦᠭᠡᠷ ᠳᠡᠰ ᠤ᠋ᠨ ᠱᠠᠩᠨᠠᠯ ᠬᠦᠷᠲᠡᠪᠡ᠃1991ᠣᠨ ᠤ᠋ 1 ᠰᠠᠷ᠎ᠠ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠥᠷᠦᠮᠴᠢ ᠬᠣᠲᠠ ᠳ᠋ᠤ᠌ ᠳᠤᠮᠳᠠᠳᠤ ᠤᠯᠤᠰ ᠤ᠋ᠨ《 ᠵᠠᠩᠭᠠᠷ》 ᠤ᠋ᠨ ᠰᠤᠳᠤᠯᠤᠯ ᠤ᠋ᠨ ᠨᠡᠢᠭᠡᠮᠯᠢᠭ ᠪᠠᠢᠭᠤᠯᠤᠭᠳᠠᠬᠤ ᠶ᠋ᠢ ᠳᠠᠭᠠᠯᠳᠤᠭᠤᠯᠤᠨ᠂ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠨᠠᠮ ᠤ᠋ᠨ ᠬᠣᠷᠢᠶᠠᠨ ᠤ᠋ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠤᠨ ᠤ᠋《ᠵᠠᠩᠭᠠᠷ》 ᠤ᠋ᠨ ᠤᠳᠤᠷᠢᠳᠬᠤ ᠳᠤᠭᠤᠢᠯᠠᠩ᠂ ᠥᠪᠡᠷᠲᠡᠭᠡᠨ ᠵᠠᠰᠠᠬᠤ ᠣᠷᠤᠨ ᠤ᠋ ᠰᠣᠶᠤᠯ ᠤ᠋ᠨ ᠲᠢᠩᠬᠢᠮ᠂ ᠥᠪᠡᠷᠲᠡᠭᠡᠨ ᠵᠠᠰᠠᠬᠤ ᠣᠷᠤᠨ ᠤ᠋ ᠵᠣᠬᠢᠶᠠᠯᠴᠢᠳ ᠤᠷᠠᠯᠢᠭᠴᠢᠳ ᠤ᠋ᠨ ᠬᠣᠯᠪᠤᠭᠠᠲᠦ ᠬᠤᠷᠠᠯ ᠡᠴᠡ《 ᠵᠠᠩᠭᠠᠷ》 ᠤ᠋ᠨ ᠲᠤᠤᠯᠢ ᠶ᠋ᠢ ᠴᠤᠭᠯᠠᠭᠤᠯᠬᠤ ᠡᠮᠬᠢᠳᠭᠡᠬᠦ ᠬᠡᠪᠯᠡᠬᠦ ᠰᠤᠳᠤᠯᠬᠤ ᠠᠵᠢᠯ ᠳ᠋ᠤ᠌ ᠬᠤᠪᠢ ᠨᠡᠮᠡᠷᠢ ᠪᠠᠨ ᠡᠷᠭᠦᠭᠰᠡᠨ ᠲᠡᠷᠢᠭᠦᠨ ᠤ᠋ ᠬᠤᠪᠢ ᠬᠥᠮᠦᠨ ᠢ᠋ ᠱᠠᠩᠨᠠᠬᠤ ᠬᠤᠷᠠᠯ ᠳᠡᠭᠡᠷ᠎ᠡ ᠲᠡᠭᠦᠨ ᠳ᠋ᠤ᠌ ᠮᠥᠨ ᠱᠠᠩᠨᠠᠯ ᠬᠦᠷᠲᠡᠭᠡᠪᠡ᠃
1996 ᠣᠨ ᠤ᠋ 7 ᠰᠠᠷ᠎ᠠ ᠳ᠋ᠤ᠌ ᠥᠪᠦᠷ ᠮᠣᠩᠭᠤᠯ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠬᠡᠪᠯᠡᠯ ᠤ᠋ᠨ ᠬᠣᠷᠢᠶ᠎ᠠ ᠬᠡᠪᠯᠡᠭᠦᠯᠦᠭᠰᠡᠨ《ᠵᠠᠩᠭᠠᠷ 3》ᠡᠴᠡ ᠰᠡᠢᠷᠡᠭᠦᠯᠦᠨ ᠠᠪᠤᠪᠠ᠃
ᠦᠨᠡᠯᠡᠬᠦ 0ᠦᠨᠡᠯᠡᠯᠲᠡ ᠲᠠᠢ