ᠵᠠᠩᠭᠠᠷᠴᠢ ᠷᠠᠮᠫᠢᠯ ᠪᠣᠯ ᠬᠣᠪᠤᠭᠰᠠᠢᠷᠢ ᠶ᠋ᠢᠨ ᠮᠣᠩᠭᠤᠯ ᠥᠪᠡᠷᠲᠡᠭᠡᠨ ᠵᠠᠰᠠᠬᠤ ᠰᠢᠶᠠᠨ ᠤ᠋ ᠬᠥᠮᠦᠨ᠃ 1923 ᠣᠨ ᠳ᠋ᠤ᠌ ᠬᠣᠪᠤᠭᠰᠠᠢᠷᠢ ᠶ᠋ᠢᠨ ᠲᠣᠷᠭᠤᠳ ᠨᠤᠲᠤᠭ ᠤ᠋ᠨ ᠫᠸᠷᠯᠡᠢ ᠶ᠋ᠢᠨ ᠭᠡᠷ ᠲᠤ᠌ ᠲᠥᠷᠦᠵᠡᠢ᠃ ᠲᠡᠷᠡ ᠪᠠᠭ᠎ᠠ ᠳ᠋ᠤ᠌ ᠪᠠᠨ ᠬᠦᠷᠢᠶ᠎ᠡ ᠶ᠋ᠢᠨ ᠪᠠᠨᠳᠢ ᠪᠣᠯᠵᠤ᠂ ᠲᠥᠪᠡᠳ ᠨᠣᠮ ᠰᠤᠷᠴᠤ᠂ ᠱᠠᠵᠢᠨ ᠤ᠋ ᠨᠣᠮ ᠰᠤᠳᠤᠷ ᠴᠡᠭᠡᠵᠢᠯᠡᠵᠦ᠂ ᠭᠡᠰᠦᠯ ᠰᠠᠨᠸᠠᠷ ᠬᠦᠷᠲᠡᠭᠰᠡᠨ ᠶᠡᠷᠦ ᠶ᠋ᠢᠨ ᠨᠢᠭᠡᠨ ᠯᠠᠮᠠ ᠪᠠᠢᠵᠠᠢ᠃
ᠷᠠᠮᠫᠢᠯ ᠪᠠᠭ᠎ᠠ ᠳ᠋ᠤ᠌ ᠪᠠᠨ ᠬᠣᠪᠤᠭᠰᠠᠢᠷᠢ ᠶ᠋ᠢᠨ ᠲᠣᠷᠭᠤᠳ ᠤ᠋ᠨ ᠨᠡᠷᠡᠲᠡᠢ ᠵᠠᠩᠭᠠᠷᠴᠢ ᠰᠢᠰᠢᠨᠡ ᠶ᠋ᠢᠨ ᠪᠤᠭᠤᠷᠠᠯ ᠪᠣᠯᠤᠨ ᠬᠤᠯᠢᠪᠢᠷ ᠪᠠᠶᠠᠷ ᠵᠡᠷᠭᠡ ᠵᠠᠩᠭᠠᠷᠴᠢᠳ ᠡᠴᠡ《ᠵᠠᠩᠭᠠᠷ》 ᠤ᠋ᠨ ᠲᠤᠤᠯᠢ ᠬᠠᠢᠯᠠᠬᠤ ᠤᠷᠠᠯᠢᠭ ᠢ᠋ ᠰᠤᠷᠴᠤ ᠡᠵᠡᠮᠰᠢᠵᠠᠢ ᠃ 1979 ᠣᠨ ᠡᠴᠡ 1980 ᠣᠨ ᠬᠦᠷᠲᠡᠯ᠎ᠡ ᠨᠡᠢᠲᠡ 15000 ᠭᠠᠷᠤᠢ ᠮᠥᠷ ᠰᠢᠯᠦᠭ ᠲᠡᠢ᠂ 17 ᠪᠦᠯᠦᠭ《ᠵᠠᠩᠭᠠᠷ》 ᠤ᠋ᠨ ᠲᠤᠤᠯᠢ ᠬᠢᠭᠡᠳ ᠲᠡᠭᠦᠨ ᠤ᠋ ᠬᠤᠪᠢᠯᠪᠤᠷᠢ ᠶ᠋ᠢ ᠬᠠᠢᠯᠠᠪᠠ᠃ ᠷᠠᠮᠫᠢᠯ ᠪᠠᠰᠠ ᠪᠤᠰᠤᠳ ᠦᠯᠢᠭᠡᠷ ᠲᠤᠤᠯᠢ᠂ ᠢᠷᠤᠭᠡᠯ ᠮᠠᠭᠲᠠᠭᠠᠯ ᠣᠯᠠᠨ ᠠᠷᠪᠢᠨ ᠮᠡᠳᠡᠳᠡᠭ᠃ ᠷᠠᠮᠫᠢᠯ 1981 ᠣᠨ ᠤ᠋ 7 ᠰᠠᠷ᠎ᠠ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠬᠣᠪᠤᠭᠰᠠᠢᠷᠢ ᠳ᠋ᠤ᠌ ᠬᠤᠷᠠᠯᠳᠤᠭᠤᠯᠤᠭᠰᠠᠨ ᠠᠯᠲᠠᠢ ᠲᠠᠷᠪᠠᠭᠠᠳᠠᠢ ᠣᠷᠤᠨ ᠤ᠋《ᠵᠠᠩᠭᠠᠷ》 ᠤ᠋ᠨ ᠲᠤᠤᠯᠢ ᠬᠠᠢᠯᠠᠬᠤ ᠬᠤᠷᠠᠯ᠂ 1982 ᠣᠨ ᠤ᠋ᠨ 8 ᠰᠠᠷ᠎ᠠ ᠳ᠋ᠤ᠌ ᠥᠷᠦᠮᠴᠢ ᠳ᠋ᠤ᠌ ᠬᠤᠷᠠᠯᠳᠤᠭᠰᠠᠨ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠠᠩᠬᠠᠳᠤᠭᠠᠷ ᠤᠳᠠᠭᠠᠨ ᠤ᠋《ᠵᠠᠩᠭᠠᠷ》 ᠤ᠋ᠨ ᠲᠤᠤᠯᠢ ᠶ᠋ᠢᠨ ᠡᠷᠳᠡᠮ ᠰᠢᠨᠵᠢᠯᠡᠭᠡᠨ ᠤ᠋ ᠬᠤᠷᠠᠯ᠂1984 ᠣᠨ ᠤ᠋7 ᠰᠠᠷ᠎ᠠ ᠳ᠋ᠤ᠌ ᠬᠣᠪᠤᠭᠰᠠᠢᠷᠢ ᠶ᠋ᠢᠨ ᠮᠣᠩᠭᠤᠯ ᠥᠪᠡᠷᠲᠡᠭᠡᠨ ᠵᠠᠰᠠᠬᠤ ᠣᠷᠤᠨ ᠤ᠋ 30 ᠵᠢᠯ ᠤ᠋ᠨ ᠣᠢ ᠶ᠋ᠢᠨ ᠪᠠᠶᠠᠷ ᠤ᠋ᠨ ᠦᠶ᠎ᠡ ᠪᠡᠷ ᠬᠣᠪᠤᠭᠰᠠᠢᠷᠢ ᠰᠢᠶᠠᠨ ᠳ᠋ᠤ᠌ ᠬᠤᠷᠠᠯᠳᠤᠭᠰᠠᠨ《ᠵᠠᠩᠭᠠᠷ》 ᠤ᠋ᠨ ᠲᠤᠤᠯᠢ ᠬᠠᠢᠯᠠᠬᠤ ᠬᠤᠷᠠᠯ᠂1988 ᠣᠨ ᠤ᠋ 8 ᠰᠠᠷ᠎ᠠ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠥᠷᠦᠮᠴᠢ ᠬᠣᠲᠠᠨ ᠳ᠋ᠤ᠌ ᠬᠤᠷᠠᠯᠳᠤᠭᠰᠠᠨ ᠣᠯᠠᠨ ᠤᠯᠤᠰ ᠤ᠋ᠨ《 ᠵᠠᠩᠭᠠᠷ》 ᠤ᠋ᠨ ᠲᠤᠤᠯᠢ ᠬᠠᠢᠯᠠᠬᠤ ᠴᠤᠭᠯᠠᠭᠠᠨ᠂1989 ᠣᠨ ᠤ᠋ 8 ᠰᠠᠷ᠎ᠠ ᠳ᠋ᠤ᠌ ᠰᠢᠨᠵᠢᠶᠠᠩ ᠤ᠋ᠨ ᠥᠪᠡᠷᠲᠡᠭᠡᠨ ᠵᠠᠰᠠᠬᠤ ᠣᠷᠤᠨ ᠤ᠋ ᠪᠡᠭᠡᠵᠢᠩ ᠳ᠋ᠤ᠌ ᠨᠡᠭᠡᠭᠡᠭᠰᠡᠨ《ᠵᠠᠩᠭᠠᠷ》 ᠤ᠋ᠨ ᠲᠤᠤᠯᠢ ᠶ᠋ᠢ ᠡᠮᠬᠢᠳᠭᠡᠵᠦ ᠬᠡᠪᠯᠡᠭᠦᠯᠦᠭᠰᠡᠨ ᠦᠷ᠎ᠡ ᠪᠦᠲᠦᠭᠡᠯ ᠦ᠋ᠨ ᠦᠵᠡᠰᠭᠦᠯᠡᠩ ᠵᠡᠷᠭᠡ ᠳ᠋ᠤ᠌ ᠤᠷᠢᠭᠳᠠᠨ ᠣᠷᠤᠯᠴᠠᠵᠤ《ᠵᠠᠩᠭᠠᠷ》 ᠤ᠋ᠨ ᠲᠤᠤᠯᠢ ᠬᠠᠢᠯᠠᠭᠠᠳ ᠤᠯᠤᠰ ᠤ᠋ᠨ ᠲᠣᠲᠤᠭᠠᠳᠤ ᠭᠠᠳᠠᠭᠠᠳᠤ ᠶ᠋ᠢᠨ ᠡᠷᠳᠡᠮᠲᠡᠨ ᠪᠠ ᠡᠯ᠎ᠡ ᠦᠨᠳᠦᠰᠦᠲᠡᠨ ᠦ᠌ ᠦᠵᠡᠭᠴᠢᠳ(ᠰᠣᠨᠤᠰᠤᠭᠴᠢᠳ) ᠲᠤ᠌ ᠮᠠᠭᠲᠠᠭᠳᠠᠵᠠᠢ᠃ ᠪᠡᠭᠡᠵᠢᠩ ᠳ᠋ᠤ᠌ ᠨᠡᠭᠡᠭᠡᠭᠰᠡᠨ《ᠵᠠᠩᠭᠠᠷ》 ᠤ᠋ᠨ ᠲᠤᠤᠯᠢ ᠶ᠋ᠢᠨ ᠦᠵᠡᠰᠭᠦᠯᠡᠩ ᠳ᠋ᠤ᠌ ᠲᠡᠭᠦᠨ ᠦ᠌ ᠵᠢᠷᠤᠭ ᠪᠠ ᠨᠠᠮᠲᠠᠷ ᠲᠠᠯᠪᠢᠭᠳᠠᠭᠰᠠᠨ ᠶᠤᠮ᠃1989 ᠣᠨ ᠤ᠋9 ᠰᠠᠷ᠎ᠠ ᠳ᠋ᠤ᠌ ᠤᠯᠤᠰ ᠤ᠋ᠨ ᠰᠣᠶᠤᠯ ᠤ᠋ᠨ ᠶᠠᠮᠤᠨ ᠡᠴᠡ ᠲᠡᠭᠦᠨ ᠳ᠋ᠤ᠌ ᠨᠢᠭᠡᠳᠦᠭᠡᠷ ᠳᠡᠰ ᠤ᠋ᠨ ᠱᠠᠩᠨᠠᠯ ᠬᠦᠷᠲᠡᠭᠡᠪᠡ᠃1991 ᠣᠨ ᠤ᠋ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠥᠷᠦᠮᠴᠢ ᠬᠣᠲᠠ ᠳ᠋ᠤ᠌ ᠳᠤᠮᠳᠠᠳᠤ ᠤᠯᠤᠰ ᠤ᠋ᠨ《ᠵᠠᠩᠭᠠᠷ》ᠰᠤᠳᠤᠯᠤᠯ ᠤ᠋ᠨ ᠨᠡᠢᠭᠡᠮᠯᠢᠭ ᠪᠠᠢᠭᠤᠯᠤᠭᠳᠠᠬᠤ ᠦᠶ᠎ᠡ ᠳ᠋ᠤ᠌ ᠳᠠᠭᠠᠯᠳᠤᠭᠤᠯᠤᠨ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠨᠠᠮ ᠤ᠋ᠨ ᠬᠣᠷᠢᠶᠠᠨ ᠤ᠋ ᠤᠬᠠᠭᠤᠯᠬᠤ ᠬᠡᠯᠲᠡᠰ᠂ᠥᠪᠡᠷᠲᠡᠭᠡᠨ ᠵᠠᠰᠠᠬᠤ ᠣᠷᠤᠨ ᠤ᠋《ᠵᠠᠩᠭᠠᠷ》 ᠤ᠋ᠨ ᠤᠳᠤᠷᠢᠳᠬᠤ ᠳᠤᠭᠤᠢᠯᠠᠩ᠂ ᠥᠪᠡᠷᠲᠡᠭᠡᠨ ᠵᠠᠰᠠᠬᠤ ᠣᠷᠤᠨ ᠤ᠋ ᠰᠣᠶᠤᠯ ᠤ᠋ᠨ ᠲᠢᠩᠬᠢᠮ᠂ ᠥᠪᠡᠷᠲᠡᠭᠡᠨ ᠵᠠᠰᠠᠬᠤ ᠣᠷᠤᠨ ᠤ᠋ ᠵᠣᠬᠢᠶᠠᠯᠴᠢᠳ ᠤᠷᠠᠯᠢᠭᠴᠢᠳ ᠤ᠋ᠨ ᠬᠣᠯᠪᠤᠭ᠎ᠠ ᠲᠡᠭᠦᠨ ᠳ᠋ᠤ᠌《ᠵᠠᠩᠭᠠᠷ》 ᠤ᠋ᠨ ᠲᠤᠤᠯᠢ ᠶ᠋ᠢ ᠴᠤᠭᠯᠠᠭᠤᠯᠬᠤ ᠡᠮᠬᠢᠳᠭᠡᠬᠦ ᠬᠡᠪᠯᠡᠭᠦᠯᠬᠦ ᠰᠤᠳᠤᠯᠬᠤ ᠠᠵᠢᠯ ᠳ᠋ᠤ᠌ ᠬᠤᠪᠢ ᠨᠡᠮᠡᠷᠢ ᠡᠷᠭᠦᠭᠰᠡᠨ ᠲᠡᠷᠢᠭᠦᠨ ᠤ᠋ ᠬᠤᠪᠢ ᠬᠥᠮᠦᠨ ᠤ᠋ ᠱᠠᠩᠨᠠᠯ ᠣᠯᠭᠤᠵᠠᠢ᠃
ᠷᠠᠮᠫᠢᠯ ᠬᠤᠪᠤᠭᠰᠠᠢᠷᠢ ᠰᠢᠶᠠᠨ ᠤ᠋ ᠤᠯᠤᠰ ᠲᠥᠷᠦ ᠶ᠋ᠢᠨ ᠵᠥᠪᠯᠡᠯᠭᠡᠨ ᠤ᠋ ᠭᠡᠰᠢᠭᠦᠨ᠂ ᠳᠤᠮᠳᠠᠳᠤ ᠤᠯᠤᠰ ᠤ᠋ᠨ ᠠᠷᠠᠳ ᠤ᠋ᠨ ᠠᠮᠠᠨ ᠵᠣᠬᠢᠶᠠᠯᠴᠢᠳ ᠤᠷᠠᠯᠢᠭᠴᠢᠳ ᠤ᠋ᠨ ᠨᠡᠢᠭᠡᠮᠯᠢᠭ ᠤ᠋ᠨ ᠭᠡᠰᠢᠭᠦᠨ ᠪᠥᠭᠡᠳ ᠰᠢᠨᠵᠢᠶᠠᠩ ᠤ᠋ᠨ ᠬᠤᠪᠢᠶᠠᠷᠢ ᠨᠡᠢᠭᠡᠮᠯᠢᠭ ᠤ᠋ᠨ ᠭᠡᠰᠢᠭᠦᠨ ᠶᠤᠮ᠃ ᠷᠠᠮᠫᠢᠯ《ᠵᠠᠩᠭᠠᠷ》 ᠤ᠋ᠨ ᠲᠤᠤᠯᠢ ᠶ᠋ᠢ ᠳᠣᠯᠤᠭᠠᠨ ᠠᠶ᠎ᠠ ᠪᠡᠷ ᠬᠠᠢᠯᠠᠳᠠᠭ ᠪᠥᠭᠡᠳ ᠠᠭᠠᠵᠢᠮ ᠳᠥᠯᠭᠡᠨ ᠬᠠᠢᠯᠠᠬᠤ ᠬᠡᠪ ᠨᠠᠮᠪᠠ ᠲᠠᠢ᠃
1996 ᠣᠨ ᠤ᠋ 7 ᠰᠠᠷ᠎ᠠ ᠳ᠋ᠤ᠌ ᠥᠪᠦᠷ ᠮᠣᠩᠭᠤᠯ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ
ᠬᠡᠪᠯᠡᠯ ᠤ᠋ᠨ ᠬᠣᠷᠢᠶᠠᠨ ᠤ᠋ ᠬᠡᠪᠯᠡᠭᠦᠯᠦᠭᠰᠡᠨ《ᠵᠠᠩᠭᠠᠷ 3》 ᠡᠴᠡ ᠰᠡᠢᠷᠡᠭᠦᠯᠦᠨ ᠠᠪᠤᠪᠠ᠃
ᠦᠨᠡᠯᠡᠬᠦ 0ᠦᠨᠡᠯᠡᠯᠲᠡ ᠲᠠᠢ