ᠵᠠᠩᠭᠠᠷᠴᠢ ᠵᠤᠤᠨᠠᠢ ᠪᠣᠯ ᠬᠣᠪᠤᠭᠰᠠᠢᠷᠢ ᠶ᠋ᠢᠨ ᠮᠣᠩᠭᠤᠯ ᠥᠪᠡᠷᠲᠡᠭᠡᠨ ᠵᠠᠰᠠᠬᠤ ᠰᠢᠶᠠᠨ ᠤ᠋ ᠬᠥᠮᠦᠨ᠃ ᠲᠡᠷᠡ1924 ᠣᠨ ᠳ᠋ᠤ᠌ ᠬᠣᠪᠤᠭᠰᠠᠢᠷᠢ ᠶ᠋ᠢᠨ ᠲᠣᠷᠭᠤᠳ ᠨᠤᠲᠤᠭ ᠤ᠋ᠨ ᠵᠠᠩᠭᠠᠷᠴᠢ ᠵᠠᠪ ᠤ᠋ᠨ ᠭᠡᠷ ᠲᠤ᠌ ᠲᠥᠷᠦᠵᠡᠢ᠃ ᠵᠤᠤᠨᠠᠢ ᠶ᠋ᠢᠨ ᠭᠤᠷᠪᠠᠨ ᠦᠶ᠎ᠡ ᠨᠢ ᠪᠦᠷ ᠵᠠᠩᠭᠠᠷᠴᠢ ᠪᠠᠢᠭᠰᠠᠨ ᠤᠴᠢᠷ ᠡᠴᠡ ᠲᠡᠭᠦᠨ ᠢ᠋ ᠤᠭ ᠲᠠᠢ ᠵᠠᠩᠭᠠᠷᠴᠢ ᠭᠡᠳᠡᠭ᠃ ᠲᠣᠳᠤ ᠪᠢᠴᠢᠭ ᠮᠡᠳᠡᠨ᠎ᠡ᠃
ᠵᠠᠪ ᠤ᠋ᠨ ᠵᠤᠤᠨᠠᠢ 1980 ᠣᠨ ᠡᠴᠡ 1984 ᠣᠨ ᠬᠦᠷᠲᠡᠯ᠎ᠡ ᠡᠮᠦᠨ᠎ᠡ ᠬᠣᠢᠨ᠎ᠠ 24000 ᠮᠥᠷ ᠰᠢᠯᠦᠭ ᠲᠠᠢ᠂ 25 ᠪᠦᠯᠦᠭ《ᠵᠠᠩᠭᠠᠷ》 ᠤ᠋ᠨ ᠲᠤᠤᠯᠢ ᠪᠠ ᠲᠡᠭᠦᠨ ᠤ᠋ ᠬᠤᠪᠢᠯᠪᠤᠷᠢ ᠶ᠋ᠢ ᠬᠡᠯᠡᠭᠰᠡᠨ ᠪᠤᠶᠤ ᠪᠢᠴᠢᠵᠠᠢ᠃ ᠵᠤᠤᠨᠠᠢ ᠪᠠᠰᠠ ᠦᠯᠢᠭᠡᠷ ᠲᠤᠭᠤᠵᠢ᠂ ᠢᠷᠦᠭᠡᠯ ᠮᠠᠭᠲᠠᠭᠠᠯ᠂ ᠤᠷᠲᠤ ᠣᠬᠤᠷ ᠳᠠᠭᠤᠤ ᠨᠡᠯᠢᠶᠡᠳ ᠮᠡᠳᠡᠨ᠎ᠡ᠃ ᠵᠤᠤᠨᠠᠢ ᠤᠷᠢᠳᠤ ᠥᠯᠵᠡᠢᠲᠦ ᠬᠦᠵᠦᠳᠡ ᠭᠡᠳᠡᠭ ᠬᠥᠮᠦᠨ ᠦ᠌《ᠵᠠᠩᠭᠠᠷ》 ᠤ᠋ᠨ ᠲᠤᠤᠯᠢ ᠶ᠋ᠢᠨ ᠰᠤᠳᠤᠷ ᠢ᠋ ᠤᠩᠰᠢᠵᠤ ᠴᠡᠭᠡᠵᠢᠯᠡᠵᠦ ᠪᠠᠢᠵᠠᠢ᠃
ᠵᠤᠤᠨᠠᠢ 1981 ᠣᠨ ᠤ᠋ 7 ᠰᠠᠷ᠎ᠠ ᠳ᠋ᠤ᠌ ᠰᠢᠨᠵᠢᠶᠠᠩ ᠤ᠋ᠨ ᠥᠪᠡᠷᠲᠡᠭᠡᠨ ᠵᠠᠰᠠᠬᠤ ᠣᠷᠤᠨ ᠡᠴᠡ ᠬᠤᠪᠤᠭᠰᠠᠢᠷᠢ ᠳ᠋ᠤ᠌ ᠬᠤᠷᠠᠯᠳᠤᠭᠤᠯᠤᠭᠰᠠᠨ ᠠᠯᠲᠠᠢ ᠲᠠᠷᠪᠠᠭᠠᠲᠠᠢ ᠣᠷᠤᠨ ᠤ᠋ ᠵᠠᠩᠭᠠᠷᠴᠢᠳ ᠤ᠋ᠨ《 ᠵᠠᠩᠭᠠᠷ》 ᠤ᠋ᠨ ᠲᠤᠤᠯᠢ ᠬᠠᠢᠯᠠᠬᠤ ᠬᠤᠷᠠᠯ᠂1984 ᠣᠨ ᠤ᠋7 ᠰᠠᠷ᠎ᠠ ᠳ᠋ᠤ᠌ ᠬᠤᠪᠤᠭᠰᠠᠢᠷᠢ ᠶ᠋ᠢᠨ ᠮᠣᠩᠭᠤᠯ ᠥᠪᠡᠷᠲᠡᠭᠡᠨ ᠵᠠᠰᠠᠬᠤ ᠰᠢᠶᠠᠨ ᠤ᠋ 30 ᠵᠢᠯ ᠤ᠋ᠨ ᠤᠢ ᠶ᠋ᠢᠨ ᠪᠠᠶᠠᠷ ᠤ᠋ᠨ ᠬᠠᠮᠢᠶᠠᠷ ᠢ᠋ᠶ᠋ᠡᠷ ᠬᠤᠪᠤᠭᠰᠠᠢᠷᠢ ᠰᠢᠶᠠᠨ ᠳ᠋ᠤ᠌ ᠬᠤᠷᠠᠯᠳᠤᠭᠰᠠᠨ《ᠵᠠᠩᠭᠠᠷ》 ᠤ᠋ᠨ ᠲᠤᠤᠯᠢ ᠬᠠᠢᠯᠠᠬᠤ ᠬᠤᠷᠠᠯ᠂ 1988 ᠣᠨ ᠤ᠋ 8 ᠰᠠᠷ᠎ᠠ ᠳ᠋ᠤ᠌ ᠰᠢᠨᠵᠢᠶᠠᠩ ᠤ᠋ᠨ ᠥᠪᠡᠷᠲᠡᠭᠡᠨ ᠵᠠᠰᠠᠬᠤ ᠣᠷᠤᠨ ᠤ᠋ ᠥᠷᠥᠮᠵᠢ ᠬᠣᠲᠠᠨ ᠳ᠋ᠤ᠌ ᠬᠤᠷᠠᠯᠳᠤᠭᠰᠠᠨ ᠣᠯᠠᠨ ᠤᠯᠤᠰ ᠤ᠋ᠨ《ᠵᠠᠩᠭᠠᠷ》 ᠤ᠋ᠨ ᠲᠤᠤᠯᠢ ᠶ᠋ᠢᠨ ᠡᠷᠳᠡᠮ ᠰᠢᠨᠵᠢᠯᠡᠭᠡᠨ ᠤ᠋ ᠶᠠᠷᠢᠯᠴᠠᠬᠤ ᠬᠤᠷᠠᠯ ᠤ᠋ᠨ ᠬᠠᠮᠢᠶᠠᠷ ᠢ᠋ᠶ᠋ᠡᠷ ᠬᠠᠷ᠎ᠠ ᠤᠰᠤᠨ ᠰᠢᠶᠠᠨ ᠤ᠋ ᠰᠠᠯᠬᠢᠲᠦ ᠮᠠᠯᠵᠢᠬᠤ ᠲᠠᠯᠠᠪᠠᠢ ᠳ᠋ᠤ᠌ ᠬᠢᠭᠰᠡᠨ《 ᠵᠠᠩᠭᠠᠷ》 ᠤ᠋ᠨ ᠲᠤᠤᠯᠢ ᠬᠠᠢᠯᠠᠬᠤ ᠴᠤᠭᠯᠠᠭᠠᠨ᠂1989 ᠣᠨ ᠤ᠋ 8 ᠰᠠᠷ᠎ᠠ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠪᠡᠭᠡᠵᠢᠩ ᠳ᠋ᠤ᠌ ᠨᠡᠭᠡᠭᠡᠭᠰᠡᠨ《ᠵᠠᠩᠭᠠᠷ》 ᠤ᠋ᠨ ᠲᠤᠤᠯᠢ ᠶ᠋ᠢ ᠴᠤᠭᠯᠠᠭᠤᠯᠵᠤ ᠡᠮᠬᠢᠳᠭᠡᠵᠦ ᠬᠡᠪᠯᠡᠭᠰᠡᠨ ᠦᠷ᠎ᠡ ᠪᠦᠲᠦᠭᠡᠯ ᠤ᠋ᠨ ᠦᠵᠡᠰᠭᠦᠯᠡᠩ ᠵᠡᠷᠭᠡ ᠳ᠋ᠤ᠌ ᠲᠤᠰ ᠲᠤᠰ ᠵᠠᠯᠠᠭᠳᠠᠨ ᠣᠷᠤᠯᠴᠠᠵᠤ᠂《ᠵᠠᠩᠭᠠᠷ》 ᠤ᠋ᠨ ᠲᠤᠤᠯᠢ ᠬᠠᠢᠯᠠᠭᠠᠳ ᠤᠯᠤᠰ ᠤ᠋ᠨ ᠲᠤᠲᠤᠭᠠᠳᠤ ᠭᠠᠳᠠᠭᠠᠲᠤ ᠶ᠋ᠢᠨ ᠡᠷᠳᠡᠮᠲᠡᠨ ᠪᠠ ᠡᠯ᠎ᠡ ᠦᠨᠳᠦᠰᠦᠲᠡᠨ ᠦ᠌ ᠦᠵᠡᠭᠴᠢᠳ ( ᠰᠣᠨᠤᠰᠤᠭᠴᠢᠳ ) ᠲᠤ᠌ ᠮᠠᠭᠲᠠᠭᠳᠠᠪᠠ᠃ ᠪᠡᠭᠡᠵᠢᠩ ᠳ᠋ᠤ᠌ ᠪᠣᠯᠤᠭᠰᠠᠨ 《ᠵᠠᠩᠭᠠᠷ》 ᠤ᠋ᠨ ᠲᠤᠬᠠᠢ ᠦᠵᠡᠰᠭᠦᠯᠡᠩ ᠳ᠋ᠤ᠌ ᠲᠡᠭᠦᠨ ᠤ᠋ ᠵᠢᠷᠤᠭ ᠪᠠ ᠨᠠᠮᠲᠠᠷ ᠲᠠᠯᠪᠢᠭᠳᠠᠭᠰᠠᠨ ᠪᠠᠢᠨ᠎ᠠ᠃ ᠲᠡᠭᠦᠨ ᠳ᠋ᠤ᠌ 1989 ᠣᠨ ᠤ᠋ 9 ᠰᠠᠷ᠎ᠠ ᠳ᠋ᠤ᠌ ᠳᠤᠮᠳᠠᠳᠤ ᠤᠯᠤᠰ ᠤ᠋ᠨ ᠰᠣᠶᠤᠯ ᠤ᠋ᠨ ᠶᠠᠮᠤᠨ ᠡᠴᠡ ᠨᠢᠭᠡᠳᠦᠭᠡᠷ ᠳᠡᠰ ᠤ᠋ᠨ ᠱᠠᠩᠨᠠᠯ ᠬᠦᠷᠲᠡᠭᠡᠪᠡ᠃
ᠵᠤᠤᠨᠠᠢ ᠬᠤᠪᠤᠭᠰᠠᠢᠷᠢ ᠶ᠋ᠢᠨ ᠮᠣᠩᠭᠤᠯ ᠥᠪᠡᠷᠲᠡᠭᠡᠨ ᠵᠠᠰᠠᠬᠤ ᠰᠢᠶᠠᠨ ᠤ᠋ ᠤᠯᠤᠰ ᠲᠥᠷᠦ ᠶ᠋ᠢᠨ ᠵᠥᠪᠯᠡᠯᠭᠡᠨ ᠤ᠋ ᠭᠡᠰᠢᠭᠦᠨ᠂ ᠳᠤᠮᠳᠠᠳᠤ ᠤᠯᠤᠰ ᠤ᠋ᠨ ᠠᠷᠠᠳ ᠤ᠋ᠨ ᠠᠮᠠᠨ ᠵᠣᠬᠢᠶᠠᠯᠴᠢᠳ ᠤᠷᠠᠯᠢᠭᠴᠢᠳ ᠤ᠋ᠨ ᠨᠡᠢᠭᠡᠮᠯᠢᠭ ᠦ᠋ᠨ ᠭᠡᠰᠢᠭᠦᠨ ᠪᠥᠭᠡᠳ ᠰᠢᠨᠵᠢᠶᠠᠩ ᠤ᠋ᠨ ᠬᠤᠪᠢᠶᠠᠷᠢ ᠨᠡᠢᠭᠡᠮᠯᠢᠭ ᠤ᠋ᠨ ᠭᠡᠰᠢᠭᠦᠨ ᠶᠤᠮ᠃
1991ᠣᠨ ᠤ᠋ 8 ᠰᠠᠷ᠎ᠠ ᠳ᠋ᠤ᠌ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠥᠷᠦᠮᠴᠢ ᠬᠣᠲᠠ ᠳ᠋ᠤ᠌ ᠳᠤᠮᠳᠠᠳᠤ ᠤᠯᠤᠰ ᠤ᠋ᠨ《 ᠵᠠᠩᠭᠠᠷ》 ᠤ᠋ᠨ ᠰᠤᠳᠤᠯᠤᠯ ᠤ᠋ᠨ ᠨᠡᠢᠭᠡᠮᠯᠢᠭ ᠪᠠᠢᠭᠤᠯᠤᠭᠳᠠᠬᠤ ᠲᠠᠢ ᠳᠠᠭᠠᠯᠳᠤᠭᠤᠯᠤᠨ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠨᠠᠮ ᠤ᠋ᠨ ᠬᠣᠷᠢᠶᠠᠨ ᠤ᠋ ᠤᠬᠠᠭᠠᠷᠠᠯᠲᠠ ᠶ᠋ᠢᠨ ᠬᠡᠯᠲᠡᠰ᠂ ᠥᠪᠡᠷᠲᠡᠭᠡᠨ ᠵᠠᠰᠠᠬᠤ ᠣᠷᠤᠨ ᠤ᠋ᠨ《 ᠵᠠᠩᠭᠠᠷ》 ᠤ᠋ᠨ ᠤᠳᠤᠷᠢᠳᠬᠤ ᠳᠤᠭᠤᠢᠯᠠᠩ᠂ ᠥᠪᠡᠷᠲᠡᠭᠡᠨ ᠵᠠᠰᠠᠬᠤ ᠣᠷᠤᠨ ᠤ᠋ᠨ ᠰᠣᠶᠤᠯ ᠤ᠋ᠨ ᠲᠢᠩᠬᠢᠮ᠂ ᠥᠪᠡᠷᠲᠡᠭᠡᠨ ᠵᠠᠰᠠᠬᠤ ᠣᠷᠤᠨ ᠤ᠋ᠨ ᠵᠣᠬᠢᠶᠠᠯᠴᠢᠳ ᠤᠷᠠᠯᠢᠭᠴᠢᠳ ᠤ᠋ᠨ ᠬᠣᠯᠪᠤᠭᠠᠲᠦ ᠬᠤᠷᠠᠯ ᠡᠴᠡ《 ᠵᠠᠩᠭᠠᠷ》 ᠤ᠋ᠨ ᠲᠤᠤᠯᠢ ᠶ᠋ᠢ ᠴᠤᠭᠯᠠᠭᠤᠯᠬᠤ ᠡᠮᠬᠢᠳᠭᠡᠬᠦ ᠬᠡᠪᠯᠡᠬᠦ ᠰᠤᠳᠤᠯᠬᠤ ᠠᠵᠢᠯ ᠳ᠋ᠤ᠌ ᠬᠤᠪᠢ ᠨᠡᠮᠡᠷᠢ ᠪᠠᠨ ᠡᠷᠭᠦᠭᠰᠡᠨ ᠲᠡᠷᠢᠭᠦᠨ ᠤ᠋ ᠨᠢᠭᠡᠴᠡ ᠪᠠ ᠲᠡᠷᠢᠭᠦᠨ ᠤ᠋ ᠬᠤᠪᠢ ᠬᠥᠮᠦᠨ ᠢ᠋ ᠱᠠᠩᠨᠠᠬᠤ ᠬᠤᠷᠠᠯ ᠳ᠋ᠤ᠌ ᠵᠤᠤᠨᠠᠢ ᠮᠥᠨ ᠱᠠᠩᠨᠠᠯ ᠬᠦᠷᠲᠡᠭᠡᠪᠡ᠃
ᠵᠤᠤᠨᠠᠢ《 ᠵᠠᠩᠭᠠᠷ》 ᠢ᠋ ᠳᠡᠭᠡᠷ᠎ᠡ ᠳᠠᠭᠤ ᠪᠡᠷ ᠠᠶᠠᠰᠯᠠᠵᠤ ᠬᠡᠯᠡᠳᠡᠭ᠃
1996 ᠣᠨ ᠤ᠋ 7 ᠰᠠᠷ᠎ᠠ ᠳ᠋ᠤ᠌ ᠥᠪᠦᠷ ᠮᠣᠩᠭᠤᠯ ᠤ᠋ᠨ ᠰᠢᠨᠵᠢᠯᠡᠬᠦ ᠤᠬᠠᠭᠠᠨ ᠲᠸᠭᠨᠢᠭ
ᠮᠡᠷᠭᠡᠵᠢᠯ ᠤ᠋ᠨ ᠬᠡᠪᠯᠡᠯ ᠤ᠋ᠨ ᠬᠣᠷᠢᠶ᠎ᠠ ᠬᠡᠪᠯᠡᠭᠦᠯᠦᠭᠰᠡᠨ《ᠵᠠᠩᠭᠠᠷ 3》 ᠡᠴᠡ ᠰᠡᠢᠷᠡᠭᠦᠯᠦᠨ ᠠᠪᠤᠪᠠ᠃
ᠦᠨᠡᠯᠡᠬᠦ 0ᠦᠨᠡᠯᠡᠯᠲᠡ ᠲᠠᠢ