ᠠᠷᠠᠳ ᠤ᠋ᠨ ᠤᠷᠠᠯᠢᠭᠴᠢᠨ ᠫᠠᠵᠠᠢ
2019.08.12 ᠲᠣᠰ ᠥᠷᠲᠡᠭᠡᠨ ᠦ ᠨᠠᠢᠷᠠᠭᠤᠯᠤᠭᠴᠢ

 

       ᠫᠠᠵᠠᠢ ( 1902 ~ 1962 )᠂ ᠮᠣᠩᠭᠤᠯ ᠦᠨᠳᠦᠰᠦᠲᠡᠨ᠂ ᠵᠢᠷᠢᠮ ᠠᠢᠮᠠᠭ (ᠣᠳᠣ ᠶᠢᠨ ᠲᠥᠩᠯᠢᠣᠣ ᠬᠣᠲᠠ ) ᠤᠨ ᠵᠠᠷᠤᠳ ᠬᠤᠰᠢᠭᠤᠨ ᠤ ᠬᠦᠮᠦᠨ᠃ ᠫᠠᠵᠠᠢ ᠪᠠᠭ᠎ᠠ ᠨᠠᠰᠦᠨ ᠠᠴᠠ ᠪᠠᠨ ᠰᠡᠴᠡᠨ ᠰᠡᠷᠭᠦᠯᠡᠩ᠂ ᠴᠡᠭᠡᠵᠢ ᠰᠠᠢᠲᠠᠢ ᠪᠠᠢᠵᠤ ᠬᠣᠯᠪᠣᠭ᠎ᠠ ᠰᠢᠯᠦᠭ ᠴᠡᠭᠡᠵᠢᠯᠡᠵᠤ ᠡᠬᠢᠯᠡᠵᠡᠢ᠃ ᠶᠢᠰᠦᠨ ᠨᠠᠰᠤᠨ ᠳ᠋ᠠᠭᠠᠨ ᠵᠠᠷᠤᠳ ᠨᠣᠶᠠᠨ ᠰᠦᠮ᠎ᠡ ᠳᠦ ᠯᠠᠮ᠎ᠠ ᠪᠣᠯᠵᠤ ᠨᠣᠮ ᠰᠤᠷᠴᠠᠢ᠃ ᠫᠠᠵᠠᠢ ᠴᠡᠭᠡᠵᠢᠯᠡᠬᠦ ᠴᠢᠳᠠᠪᠤᠷᠢ ᠰᠠᠢᠲᠠᠢ ᠪᠣᠯᠬᠤᠷ ᠡᠳᠦᠷ ᠪᠦᠷᠢ ᠰᠤᠳᠤᠷ ᠨᠣᠮ ᠴᠡᠭᠡᠵᠢᠯᠡᠵᠦ᠂ ᠲᠦᠪᠡᠳ ᠦᠰᠦᠭ ᠢ ᠨᠢᠳᠦᠯᠡᠵᠦ ᠰᠤᠷᠤᠭᠰᠠᠨ ᠪᠠ ᠬᠢᠲᠠᠳ ᠦᠰᠦᠭ ᠲᠦ ᠴᠦ ᠴᠠᠭᠠᠷᠠᠭᠰᠠᠨ ᠪᠠᠢᠨ᠎ᠠ᠃ 15 ~ 17 ᠨᠠᠰᠤᠲᠠᠢ ᠳ᠋ᠠᠭᠠᠨ ᠰᠦᠮ᠎ᠡ ᠡᠴᠡ ᠭᠤᠷᠪᠠ ᠤᠳᠠᠭ᠎ᠠ ᠣᠷᠭᠤᠵᠤ ᠬᠡᠳᠦᠨᠲᠡ ᠰᠢᠳᠭᠡᠭᠳᠡᠭᠰᠡᠨ ᠪᠣᠯᠪᠠᠴᠦ ᠡᠴᠦᠰ ᠲᠡᠬᠡᠨ ᠵᠣᠷᠢᠭ ᠮᠣᠬᠤᠯ ᠦᠭᠡᠢ ᠪᠡᠷ ᠬᠤᠭᠤᠷᠴᠢ ᠶᠢᠨ ᠵᠠᠮ ᠢ ᠰᠤᠩᠭᠤᠵᠤ᠂ 18 ᠨᠠᠰᠤᠨ ᠳ᠋ᠠᠭᠠᠨ ᠰᠦᠮ᠎ᠡ ᠡᠴᠡ ᠭᠠᠷᠴᠤ ᠶᠠᠪᠤᠭᠤᠯ ᠬᠤᠭᠤᠷᠴᠢ ᠪᠣᠯᠵᠤ᠂ 23  ᠨᠠᠰᠤᠨ ᠠᠴᠠ ᠢᠶᠠᠨ ᠵᠢᠷᠢᠮ᠂ ᠵᠣᠣ ᠤᠳᠠ᠂ ᠴᠠᠬᠠᠷ᠂ ᠬᠢᠩᠭᠠᠨ ᠵᠡᠷᠭᠡ ᠦᠪᠡᠷᠲᠡᠭᠡᠨ ᠵᠠᠰᠠᠬᠤ ᠣᠷᠤᠨ ᠤ ᠨᠤᠲᠤᠭ ᠢᠶᠠᠷ ᠦᠯᠢᠭᠡᠷ ᠬᠡᠯᠡᠵᠦ ᠶᠠᠪᠤᠪᠠ᠃ 1957 ᠣᠨ ᠤ 2 ᠰᠠᠷ᠎ᠠ ᠳᠤ ᠡᠪ ᠬᠠᠮᠲᠤ ᠨᠠᠮ ᠤᠨ ᠭᠡᠰᠢᠭᠦᠨ ᠪᠣᠯᠵᠤ᠂ ᠥᠪᠥᠷ ᠮᠣᠩᠭᠤᠯ ᠤᠨ ᠵᠠᠰᠠᠭ ᠤᠨ ᠣᠷᠳᠤᠨ ᠤ 《ᠠᠯᠳᠠᠷᠲᠤ ᠠᠷᠠᠳ ᠤᠨ ᠤᠷᠠᠯᠢᠭᠴᠢᠨ》 ᠤ ᠴᠤᠯᠠ ᠶᠢ ᠬᠦᠷᠲᠡᠵᠡᠢ᠃ 1958 ᠣᠨ ᠤ 7  ᠰᠠᠷ᠎ᠠ ᠳᠤ ᠪᠦᠬᠦ ᠤᠯᠤᠰ ᠤᠨ ᠤᠷᠠᠯᠢᠭᠴᠢᠳ ᠤᠨ ᠲᠥᠯᠦᠭᠡᠯᠡᠭᠴᠢᠳ ᠦᠨ ᠶᠡᠬᠡ ᠬᠤᠷᠠᠯ ᠳᠤ ᠣᠷᠤᠯᠴᠠᠨ ᠮᠠᠤ ᠲᠡᠷᠢᠭᠦᠯᠡᠭᠴᠢ ᠲᠠᠢ ᠠᠭᠤᠯᠵᠠᠵᠠᠢ᠃ ᠫᠠᠵᠠᠢ ᠮᠣᠩᠭᠤᠯ ᠦᠨᠳᠦᠰᠦᠲᠡᠨ ᠤ ᠤᠯᠠᠮᠵᠢᠯᠡᠯᠲᠤ ᠪᠠᠭᠠᠲᠤᠷᠯᠢᠭ ᠲᠤᠤᠯᠢ 《ᠭᠡᠰᠡᠷ ᠬᠠᠭᠠᠨ》᠂ 《ᠮᠠᠩᠭᠤᠰ ᠢ ᠲᠠᠷᠤᠭᠰᠠᠨ ᠦᠯᠢᠭᠡᠷ》᠂《ᠭᠡᠰᠡᠷ ᠪᠠᠭᠠᠲᠤᠷ》 ᠵᠡᠷᠭᠡ ᠶᠢ ᠬᠤᠭᠤᠷᠲᠠᠨ ᠬᠠᠢᠯᠠᠳᠠᠭ ᠠᠴᠠ ᠭᠠᠳᠠᠨ᠎ᠠ᠂《ᠲᠡᠭᠡᠵᠢᠪᠦᠷᠢ ᠬᠣᠶᠠᠷ ᠢᠰᠢᠭᠡ ᠶᠢᠨ ᠶᠠᠷᠢᠶ᠎ᠠ》᠂《ᠪᠠᠶᠠᠨ ᠣᠪᠣᠭ᠎ᠠ》᠂《ᠬᠦᠮᠦᠨ ᠲᠦᠷᠦᠯᠬᠢᠲᠡᠨ ᠤ ᠬᠦᠰᠡᠯᠡᠭ ᠦᠨ ᠡᠯᠴᠢ》 ᠵᠡᠷᠭᠡ ᠬᠤᠭᠤᠷ ᠤᠨ ᠪᠥᠲᠦᠭᠡᠯ ᠲᠠᠢ ᠪᠠᠢᠳᠠᠭ᠃

 

 

ᠠᠭᠤᠯᠭ᠎ᠠ ᠶ᠋ᠢᠨ ᠨᠠᠢᠷᠠᠭᠤᠯᠤᠭᠴᠢ᠄ ᠪᠠᠭᠠᠷᠢᠨ ᠪᠠᠷᠠᠭᠤᠨ ᠬᠣᠰᠢᠭᠤᠨ ᠤ᠋ ᠭᠡᠰᠡᠷ ᠤ᠋ᠨ ᠠᠯᠪᠠᠨ ᠭᠡᠷ

ᠵᠢᠷᠤᠭᠰᠠᠨ ᠨᠢ᠄ ᠨᠠᠮᠰᠠᠷᠠᠢ (1958 ᠣᠨ)

ᠮᠡᠷᠭᠡᠵᠢᠯ᠄ ᠵᠤᠯᠠᠨ᠎ᠠ

ᠬᠢᠨᠠᠭᠴᠢ᠄ ᠯᠦᠩᠮᠧᠢ

ᠶᠡᠷᠦᠩᠬᠡᠢ ᠬᠢᠨᠠᠭᠴᠢ᠄ ᠰᠤᠶᠤᠯᠲᠦ

ᠡᠮᠦᠨᠡᠬᠢ ᠵᠣᠬᠢᠶᠠᠯ:
ᠭᠡᠰᠡᠷᠴᠢ ᠰᠦᠯᠹᠦᠩᠭ᠎ᠠ
蒙ICP备17000293号-1 蒙公网安备 15010202150932号