ᠠᠷᠠᠳ ᠤ᠋ᠨ ᠤᠷᠠᠯᠢᠭᠴᠢᠨ ᠰᠠᠮᠪᠠᠯᠨᠣᠷᠪᠤ
2019.08.12 ᠲᠣᠰ ᠥᠷᠲᠡᠭᠡᠨ ᠦ ᠨᠠᠢᠷᠠᠭᠤᠯᠤᠭᠴᠢ

   

     ᠰᠠᠮᠪᠠᠯᠨᠤᠷᠪᠤ ( 1925 ~1993 ) ᠮᠣᠩᠭᠤᠯ ᠦᠨᠳᠦᠰᠦᠲᠡᠨ᠂ ᠥᠪᠥᠷ ᠮᠣᠩᠭᠤᠯ ᠤᠨ ᠤᠯᠠᠭᠠᠨᠬᠠᠳᠠ ᠬᠣᠲᠠ ᠶᠢᠨ ᠪᠠᠭᠠᠷᠢᠨ ᠪᠠᠷᠠᠭᠤᠨ ᠬᠤᠰᠢᠭᠤᠨ ᠤ ᠬᠦᠮᠦᠨ᠃ ᠰᠠᠮᠪᠠᠯᠨᠤᠷᠪᠤ 9 ᠨᠠᠰᠤᠨ ᠠᠴᠠ ᠪᠠᠨ ᠡᠬᠢᠯᠡᠨ ᠠᠯᠳᠠᠷᠲᠤ  ᠤᠷᠠᠯᠢᠭᠴᠢᠨ ᠲᠣᠭᠲᠠᠬᠤ ᠶᠢ ᠪᠠᠭᠰᠢ ᠪᠠᠷᠢᠵᠤ᠂ ᠦᠯᠢᠭᠡᠷ ᠬᠣᠯᠪᠤᠭ᠎ᠠ ᠰᠤᠷᠴᠠᠢ᠃16 ᠨᠠᠰᠤᠨ ᠤ ᠦᠶ᠎ᠡ ᠳ᠋ᠤ᠌ ᠮᠣᠩᠭᠤᠯ ᠪᠠᠭᠠᠲᠤᠷᠯᠢᠭ ᠲᠤᠤᠯᠢ 《ᠭᠡᠰᠡᠷ ᠦᠨ ᠲᠤᠭᠤᠵᠢ》 ᠶᠢᠨ ᠶᠡᠬᠡᠩᠬᠢ ᠬᠡᠰᠡᠭ ᠢ ᠬᠠᠢᠯᠠᠵᠤ ᠴᠢᠳᠠᠭᠰᠠᠨ ᠪᠠᠢᠨ᠎ᠠ᠃ 1945 ᠣᠨ  ᠳᠤ ᠳᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠲᠦ ᠤᠷᠤᠵᠤ᠂ᠣᠯᠠᠨᠲᠠ ᠭᠠᠪᠢᠶ᠎ᠠ ᠪᠠᠢᠭᠤᠯᠤᠨ᠂ 1949 ᠣᠨ ᠳᠤ ᠨᠤᠲᠤᠭ ᠲᠠᠭᠠᠨ ᠬᠠᠷᠢᠵᠤ ᠪᠠᠭᠰᠢᠯᠠᠨ᠂ 1952 ᠣᠨ ᠳᠤ ᠭᠠᠴᠠᠭᠠᠨ ᠲᠠᠷᠤᠭ᠎ᠠ ᠪᠣᠯᠤᠭᠰᠠᠨ ᠪᠢᠯᠡ᠃ 1985 ᠣᠨ ᠳᠤ ᠰᠠᠮᠪᠠᠯᠨᠤᠷᠪᠤ 《ᠭᠡᠰᠡᠷ》 ᠢ ᠴᠣᠭᠯᠠᠭᠤᠯᠵᠤ ᠡᠮᠬᠢᠳᠭᠡᠬᠦ ᠭᠠᠵᠠᠷ ᠳᠤᠮᠳᠠᠳᠤ ᠤᠯᠤᠰ ᠤᠨ ᠨᠡᠢᠭᠡᠮ ᠦᠨ ᠰᠢᠨᠵᠢᠯᠡᠬᠦ ᠤᠬᠠᠭᠠᠨ ᠬᠦᠷᠢᠶᠡᠯᠡᠩ ᠦᠨ ᠭᠣᠣᠳᠠᠯᠭᠠᠲᠤ ᠰᠤᠳᠤᠯᠭᠠᠨ ᠤ ᠰᠡᠳᠦᠪ ᠲᠦ ᠣᠷᠤᠯᠴᠠᠵᠤ᠂120 ᠪᠦᠯᠦᠭ 100 ᠲᠦᠮᠡᠨ ᠦᠰᠦᠭ ᠣᠷᠴᠢᠮ《ᠪᠠᠭᠠᠷᠢᠨ ᠭᠡᠰᠡᠷ ᠦᠨ ᠲᠤᠭᠤᠵᠢ》 ᠶᠢ ᠡᠮᠭᠢᠳᠬᠡᠨ ᠲᠢᠭᠯᠡᠵᠦ᠂ ᠤᠯᠤᠰ ᠲᠤ ᠬᠠᠷᠠᠮ ᠦᠭᠡᠢ ᠲᠡᠪᠰᠢᠭᠦᠯᠪᠡ᠃  ᠡᠭᠦᠨ ᠳᠦ 1300 ᠮᠦᠷ ᠲᠡᠢ《ᠭᠡᠰᠡᠷ ᠦᠨ ᠰᠤᠷᠭᠠᠯ ᠰᠢᠯᠦᠭ》 ᠢ ᠬᠡᠪᠯᠡᠭᠦᠯᠦᠨ ᠲᠠᠷᠬᠠᠭᠠᠪᠠ᠃1986 ᠣᠨ ᠬᠢᠭᠡᠳ 1991 ᠣᠨ ᠳᠤ ᠤᠯᠤᠰ ᠤᠨ ᠰᠤᠶᠤᠯ ᠤᠨ ᠶᠠᠮᠦᠨ᠂ ᠳᠤᠮᠳᠠᠳᠤ ᠤᠯᠤᠰ ᠤᠨ ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ᠂ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠂ ᠳᠤᠮᠳᠠᠳᠤ ᠤᠯᠤᠰ ᠤᠨ ᠠᠷᠠᠳ ᠤᠨ ᠤᠷᠠᠯᠢᠭᠴᠢᠳ ᠤᠨ  ᠰᠤᠳᠤᠯᠭᠠᠨ ᠤ ᠨᠡᠢᠭᠡᠮᠯᠢᠭ ᠡᠴᠡ《ᠭᠡᠰᠡᠷᠴᠢ》 ᠴᠣᠯᠠ᠂《ᠪᠦᠬᠦ ᠤᠯᠤᠰ ᠤᠨ〈 ᠭᠡᠰᠡᠷ〉 ᠦᠨ ᠠᠵᠢᠯ ᠤᠨ ᠲᠡᠷᠢᠭᠦᠨ ᠤ ᠬᠤᠪᠢ ᠬᠦᠮᠦᠨ》 ᠴᠣᠯᠠ ᠣᠯᠭᠤᠪᠠ᠃

 

 

ᠠᠭᠤᠯᠭ᠎ᠠ ᠶ᠋ᠢᠨ ᠨᠠᠢᠷᠠᠭᠤᠯᠤᠭᠴᠢ᠄ ᠪᠠᠭᠠᠷᠢᠨ ᠪᠠᠷᠠᠭᠤᠨ ᠬᠣᠰᠢᠭᠤᠨ ᠤ᠋ ᠭᠡᠰᠡᠷ ᠤ᠋ᠨ ᠠᠯᠪᠠᠨ ᠭᠡᠷ

ᠰᠡᠭᠦᠳᠡᠷᠯᠡᠭᠴᠢ᠄2016ᠣᠨ ᠤ᠋ ᠪᠦᠬᠦ ᠤᠯᠤᠰ ᠤ᠋ᠨ《ᠭᠡᠰᠡᠷ》 ᠢ᠋ ᠠᠪᠤᠷᠠᠨ ᠬᠠᠮᠠᠭᠠᠯᠠᠬᠤ ᠠᠵᠢᠯ ᠤ᠋ᠨ ᠦᠷ᠎ᠡ ᠪᠦᠲᠦᠭᠡᠯ ᠤ᠋ᠨ ᠦᠵᠡᠭᠦᠯᠦᠯᠭᠡ

ᠮᠡᠷᠭᠡᠵᠢᠯ᠄ ᠵᠤᠯᠠᠨ᠎ᠠ

ᠬᠢᠨᠠᠭᠴᠢ᠄ ᠯᠦᠩᠮᠧᠢ

ᠶᠡᠷᠦᠩᠬᠡᠢ ᠬᠢᠨᠠᠭᠴᠢ᠄ ᠰᠤᠶᠤᠯᠲᠦ

蒙ICP备17000293号-1 蒙公网安备 15010202150932号