ᠵᠢᠮᠪᠠᠵᠠᠮᠰᠤ ( 1934~ ) ᠮᠣᠩᠭᠤᠯ ᠦᠨᠳᠦᠰᠦᠲᠡᠨ᠂ ᠥᠪᠥᠷ ᠮᠣᠩᠭᠤᠯ ᠤᠨ ᠤᠯᠠᠭᠠᠨᠬᠠᠳᠠ ᠬᠣᠲᠠ ᠶᠢᠨ ᠪᠠᠭᠠᠷᠢᠨ ᠪᠠᠷᠠᠭᠤᠨ ᠬᠤᠰᠢᠭᠤᠨ ᠤ ᠬᠦᠮᠦᠨ᠃ ᠪᠠᠭ᠎ᠠ ᠨᠠᠰᠤᠨ ᠠᠴᠠ ᠪᠠᠨ ᠡᠪᠥᠭᠡ ᠠᠪᠤ ᠶᠢᠨ ᠢᠶᠡᠨ ᠤᠷᠠᠯᠢᠭ ᠤᠨ ᠤᠯᠠᠮᠵᠢᠯᠠᠯ ᠢ ᠬᠦᠷᠲᠡᠵᠦ ᠨᠠᠢ᠍ᠮᠠᠨ ᠨᠠᠰᠤᠨ ᠳ᠋ᠠᠭᠠᠨ ᠦᠯᠢᠭᠡᠷ ᠶᠠᠷᠢᠬᠤ ᠦᠨᠳᠦᠰᠦᠨ ᠮᠡᠷᠭᠡᠵᠢᠯ ᠢ ᠡᠵᠡᠮᠰᠢᠵᠡᠢ᠃ ᠵᠢᠮᠪᠠᠵᠠᠮᠰᠤ 19 ᠨᠠᠰᠤᠲᠠᠢ ᠳ᠋ᠠᠭᠠᠨ ᠤᠢᠷ᠎ᠠ ᠤᠷᠴᠢᠮ ᠳ᠋ᠠᠭᠠᠨ ᠠᠯᠳᠠᠷᠰᠢᠭᠰᠠᠨ ᠬᠤᠭᠤᠷᠴᠢ ᠪᠣᠯᠵᠤ᠂ ᠥᠪᠥᠷ ᠮᠣᠩᠭᠤᠯ ᠤᠨ ᠲᠠᠪᠤᠨ ᠠᠢᠮᠠᠭ ᠬᠣᠲᠠ᠂ ᠨᠠᠢ᠍ᠮᠠᠨ ᠬᠤᠰᠢᠭᠤ ᠰᠢᠶᠠᠨ᠂ ᠬᠣᠷᠢᠨ ᠬᠣᠶᠠᠷ ᠰᠤᠮᠤ᠂ ᠭᠤᠴᠢ ᠭᠠᠷᠤᠢ ᠭᠠᠴᠠᠭ᠎ᠠ ᠲᠤᠰᠬᠤᠨ ᠢᠶᠠᠷ ᠲᠣᠭᠤᠷᠢᠵᠤ ᠬᠤᠭᠤᠷ ᠦᠯᠢᠭᠡᠷ ᠬᠡᠯᠡᠭᠰᠡᠨ ᠪᠠ《 ᠭᠡᠰᠡᠷ 》 ᠢ ᠬᠠᠢᠯᠠᠵᠤ ᠶᠠᠪᠤᠵᠠᠢ᠃ ᠵᠢᠮᠪᠠᠵᠠᠮᠰᠤ ᠪᠠᠷ ᠣᠳᠤ ᠪᠣᠯᠲᠠᠯ᠎ᠠ ᠬᠠᠭᠤᠳᠠᠰᠤ ᠬᠡᠮᠵᠢᠶ᠎ᠡ ᠪᠡᠷ ᠬᠠᠮᠤᠭ ᠤᠨ ᠤᠷᠲᠤ᠂ ᠠᠭᠤᠯᠭ᠎ᠠ ᠪᠠᠭᠲᠠᠭᠠᠮᠵᠢ ᠪᠠᠷ ᠬᠠᠮᠤᠭ ᠤᠨ ᠪᠠᠶᠠᠯᠢᠭ《ᠭᠡᠰᠡᠷ ᠦᠨ ᠲᠤᠤᠯᠢ》 ᠶᠢ ᠬᠠᠢᠯᠠᠵᠤ᠂ ᠲᠡᠭᠦᠨ ᠤ ᠬᠠᠢᠯᠠᠭᠰᠠᠨ《ᠭᠡᠰᠡᠷ》 ᠨᠢ18.6 ᠲᠦᠮᠡᠨ ᠰᠢᠯᠦᠭ ᠦᠨ ᠮᠦᠷ ᠲᠠᠢ ᠪᠠᠢᠳᠠᠭ᠃ ᠣᠳᠤ ᠨᠢᠭᠡᠨᠲᠡ ᠭᠤᠷᠪᠠᠨ ᠪᠣᠳᠢ ᠬᠡᠪᠯᠡᠭᠳᠡᠭᠡᠳ ᠪᠤᠢ᠃《 ᠪᠣᠭᠳᠠ ᠡᠵᠡᠨ ᠭᠡᠰᠡᠷ ᠬᠠᠨ》( ᠭᠡᠰᠡᠷ ᠦᠨ ᠪᠥᠷᠢᠨ ᠪᠢᠴᠢᠭ ᠦᠨ ᠲᠡᠳ᠋ ᠂ ᠭᠤᠳᠠᠭᠠᠷ ᠪᠣᠳᠢ) ᠪᠣᠯ ᠲᠡᠭᠦᠨ ᠤ ᠲᠥᠯᠦᠭᠡᠯᠡᠭᠴᠢ ᠪᠥᠲᠦᠭᠡᠯ ᠪᠣᠯᠠᠢ᠃ ᠲᠡᠷᠡ ᠪᠡᠷ 2007 ᠣᠨ ᠳ᠋ᠤ᠌ ᠳᠤᠮᠳᠠᠳᠤ ᠤᠯᠤᠰ ᠤᠨ ᠤᠳᠬ᠎ᠠ ᠤᠷᠠᠯᠢᠭ ᠤᠨ ᠬᠢᠨ ᠬᠣᠯᠪᠣᠭ᠎ᠠ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠠᠷᠠᠳ ᠤᠨ ᠤᠷᠠᠯᠢᠭᠴᠢᠳ ᠤᠨ ᠨᠡᠢᠭᠡᠮᠯᠢᠭ ᠦᠨ 《ᠠᠷᠠᠳ ᠤᠨ ᠰᠤᠶᠤᠯ ᠤᠨ ᠰᠢᠯᠢᠳᠡᠭ ᠵᠠᠯᠭᠠᠮᠵᠢᠯᠠᠭᠴᠢ》 ᠴᠤᠯᠠ ᠶᠢ ᠬᠦᠷᠲᠡᠵᠡᠢ᠃
ᠠᠭᠤᠯᠭ᠎ᠠ ᠶ᠋ᠢᠨ ᠨᠠᠢᠷᠠᠭᠤᠯᠤᠭᠴᠢ᠄ ᠪᠠᠭᠠᠷᠢᠨ ᠪᠠᠷᠠᠭᠤᠨ ᠬᠣᠰᠢᠭᠤᠨ ᠤ᠋ ᠭᠡᠰᠡᠷ ᠤ᠋ᠨ ᠠᠯᠪᠠᠨ ᠭᠡᠷ
ᠰᠡᠭᠦᠳᠡᠷᠯᠡᠭᠴᠢ᠄ᠯᠦᠩᠮᠧᠢ
ᠮᠡᠷᠭᠡᠵᠢᠯ᠄ ᠵᠤᠯᠠᠨ᠎ᠠ
ᠬᠢᠨᠠᠭᠴᠢ᠄ ᠯᠦᠩᠮᠧᠢ
ᠶᠡᠷᠦᠩᠬᠡᠢ ᠬᠢᠨᠠᠭᠴᠢ᠄ ᠰᠤᠶᠤᠯᠲᠦ