ᠵᠠᠯᠰᠠᠨ ( 1950~ ) ᠮᠣᠩᠭᠤᠯ ᠦᠨᠳᠦᠰᠦᠲᠡᠨ᠂ ᠥᠪᠥᠷ ᠮᠣᠩᠭᠤᠯ ᠤᠨ ᠨᠠᠢ᠍ᠮᠠᠨ ᠬᠤᠰᠢᠭᠤᠨ ᠤ ᠬᠦᠮᠦᠨ᠃ ᠲᠡᠷᠡ ᠬᠠᠷᠠᠬᠠᠨ ᠪᠠᠭ᠎ᠠ ᠠᠴᠠ ᠪᠠᠨ ᠭᠡᠷ ᠪᠦᠯᠢ ᠶᠢᠨ ᠨᠦᠯᠦᠭᠡᠯᠡᠯ ᠢᠶᠡᠷ ᠤᠷᠠᠯᠢᠭ ᠲᠤ ᠳᠤᠷ᠎ᠠ ᠪᠠᠬ᠎ᠠ ᠲᠠᠢ ᠪᠠᠢᠵᠤ᠂ 8 ᠨᠠᠰᠤᠨ ᠤ ᠦᠶ᠎ᠡ ᠳᠦ ᠨᠡᠯᠢᠶᠡᠳ ᠣᠯᠠᠨ ᠦᠯᠢᠭᠡᠷ ᠬᠣᠯᠪᠤᠭ᠎ᠠ ᠴᠡᠭᠡᠵᠢᠯᠡᠨ᠂ 11 ᠨᠠᠰᠤᠨ ᠳᠤ ᠡᠵᠢ ᠡᠴᠡ ᠪᠡᠨ ᠬᠤᠭᠤᠷ ᠰᠤᠷᠴᠤ᠂ 5 ᠨᠠᠰᠤ ᠪᠣᠯᠬᠤ ᠲᠠᠢ ᠵᠡᠷᠭᠡ ᠥᠪᠡᠷ ᠢᠶᠡᠨ ᠦᠯᠢᠭᠡᠷ ᠬᠣᠯᠪᠤᠭ᠎ᠠ ᠶᠠᠷᠢᠬᠤ ᠪᠣᠯᠵᠠᠢ᠃ 16 ᠨᠠᠰᠤᠨ ᠳ᠋ᠠᠭᠠᠨ ᠯᠠᠮᠠ ᠪᠠᠭᠰᠢ ᠬᠤᠭᠤᠷᠴᠢ ᠲᠣᠭᠲᠠᠬᠤ ᠠᠴᠠ ᠬᠤᠭᠤᠷ ᠤᠨ ᠦᠯᠢᠭᠡᠷ ᠢ ᠨᠡᠯᠢᠶᠡᠳ ᠰᠢᠰᠲ᠋ᠧᠮ ᠲᠠᠢ ᠰᠤᠷᠤᠯᠴᠠᠵᠤ ᠡᠬᠢᠯᠡᠵᠡᠢ᠃ 1982 ᠣᠨ ᠳᠤ ᠵᠢᠷᠢᠮ ᠠᠢᠮᠠᠭ ᠤᠨ ᠦᠯᠢᠭᠡᠷ ᠦᠨ ᠤᠷᠤᠯᠳᠤᠭᠠᠨ ᠳᠤ ᠭᠤᠳᠠᠭᠠᠷ ᠲᠡᠰ ᠱᠠᠩᠨᠠᠯ ᠬᠦᠷᠲᠡᠵᠦ᠂ 1995 ᠣᠨ ᠪᠦᠬᠦ ᠤᠯᠤᠰ ᠤᠨ ᠦᠯᠢᠭᠡᠷ ᠦᠨ ᠤᠷᠤᠯᠳᠤᠭᠠᠨ ᠳᠤ ᠬᠣᠶᠠᠳᠤᠭᠠᠷ ᠲᠡᠰ ᠦᠨ ᠱᠠᠩᠨᠠᠯ ᠬᠦᠷᠲᠡᠵᠡᠢ᠃ 2000 ᠣᠨ ᠳᠤ ᠪᠦᠬᠦ ᠤᠯᠤᠰ ᠤᠨ ᠠᠩᠬᠠᠳᠠᠭᠴᠢ ᠤᠳᠠᠭ᠎ᠠ ᠤ ᠦᠯᠢᠭᠡᠷ ᠦᠨ ᠤᠷᠤᠯᠳᠤᠭᠠᠨ ᠳᠤ ᠵᠣᠬᠢᠶᠠᠨ ᠪᠦᠲᠦᠭᠡᠯ ᠦᠨ ᠨᠢᠭᠡᠳᠦᠭᠡᠷ ᠲᠡᠰ ᠦᠨ ᠱᠠᠩᠨᠠᠯ ᠢ ᠬᠦᠷᠲᠡᠵᠡᠢ᠃ 2008 ᠣᠨ ᠤ 12 ᠰᠠᠷ᠎ᠠ ᠳᠤ 《ᠥᠪᠥᠷ ᠮᠣᠩᠭᠤᠯ ᠤᠨ ᠮᠦᠽᠧᠢ ᠶᠢᠨ ᠦᠨᠳᠦᠰᠦᠲᠡᠨ ᠦ ᠰᠤᠶᠤᠯ ᠤᠨ ᠵᠠᠯᠭᠠᠮᠵᠢᠯᠠᠭᠴᠢ 》 ᠬᠡᠮᠡᠬᠦ ᠴᠣᠯᠠ ᠶᠢ ᠬᠦᠷᠲᠡᠵᠡᠢ᠃ ᠵᠠᠯᠰᠠᠨ 3000 ᠭᠠᠷᠤᠢ ᠴᠠᠭ ᠤᠨ ᠦᠯᠢᠭᠡᠷ ᠲᠤᠤᠯᠢ ᠡᠵᠡᠮᠰᠢᠵᠦ᠂ ᠮᠠᠩᠭᠤᠰ ᠤᠨ ᠦᠯᠢᠭᠡᠷ ᠬᠢᠭᠡᠳ 《 ᠭᠡᠰᠡᠷ 》 ᠦᠨ ᠲᠤᠤᠯᠢ ᠶᠢ ᠴᠢᠳᠠᠮᠠᠭᠠᠢ ᠡᠵᠡᠮᠰᠢᠭᠰᠡᠨ ᠪᠢᠯᠡ᠃ ᠲᠡᠷᠡ ᠪᠡᠷ 2004 ᠣᠨ ᠠᠴᠠ 2014 ᠣᠨ ᠤ ᠬᠣᠭᠤᠷᠤᠨᠳᠤ ᠥᠪᠥᠷ ᠮᠣᠨᠩᠭᠤᠯ ᠤᠨ ᠪᠠᠭᠰᠢ ᠶᠢᠨ ᠶᠡᠬᠡ ᠰᠤᠷᠭᠠᠭᠤᠯᠢ᠂ ᠥᠪᠥᠷ ᠮᠣᠩᠭᠤᠯ ᠤ᠋ᠨ ᠶᠡᠬᠡ ᠰᠤᠷᠭᠠᠭᠤᠯᠢ ᠶᠢᠨ ᠤᠷᠠᠯᠢᠭ ᠤᠨ ᠲᠡᠭᠡᠳᠦ ᠰᠤᠷᠭᠠᠭᠤᠯᠢ ᠳᠤ ᠵᠣᠴᠢᠨ ᠫᠷᠤᠹᠧᠰᠰᠤᠷ ᠢᠶᠠᠷ ᠠᠵᠢᠯᠯᠠᠬᠤ ᠶᠢᠨ ᠬᠠᠮᠲᠤ᠂ ᠬᠣᠢᠨ᠎ᠠ ᠡᠮᠦᠨ᠎ᠡ ᠥᠪᠥᠷ ᠮᠣᠩᠭᠤᠯ ᠤᠨ ᠲᠸᠯᠸᠢᠰ ᠬᠣᠷᠢᠶ᠎ᠠ᠂ ᠷᠠᠳᠢᠣ᠋ ᠬᠣᠷᠢᠶ᠎ᠠ᠂ ᠲᠥᠩᠯᠢᠣᠣ ᠬᠣᠲᠠ ᠶᠢᠨ ᠲᠸᠯᠸᠢᠰ ᠬᠣᠷᠢᠶᠠᠨ ᠳᠤ 《ᠪᠤᠶᠠᠨᠠᠮᠡᠬᠦ ᠴᠢᠨ ᠸᠠᠩ 》᠂ 《ᠪᠠᠷᠠᠭᠤᠨᠰᠢ ᠵᠣᠷᠴᠢᠭᠰᠠᠨ ᠦᠯᠢᠭᠡᠷ 》᠂ 《ᠪᠠᠯᠭᠠᠨᠰᠠᠩ ᠤᠨ ᠦᠯᠢᠭᠡᠷ 》᠂ 《ᠶᠤᠧᠠᠨ ᠤᠯᠤᠰ ᠤᠨ ᠮᠠᠨᠳᠤᠭᠰᠠᠨ ᠲᠥᠷᠦ ᠶᠢᠨ ᠬᠥᠬᠡ ᠰᠤᠳᠤᠷ 》᠂ 《ᠵᠢᠢ ᠭᠥᠩ ᠦᠨ ᠦᠯᠢᠭᠡᠷ 》᠂ 《ᠭᠠᠳᠠ ᠮᠠᠢᠷᠠᠨ 》 ᠵᠡᠷᠭᠡ ᠦᠯᠢᠭᠡᠷ ᠲᠤᠤᠯᠢ ᠶᠢ ᠰᠢᠩᠭᠡᠭᠡᠭᠰᠡᠨ ᠪᠠᠢᠨ᠎ᠠ᠃ 2014 ᠣᠨ ᠳᠤ 《ᠭᠡᠰᠡᠷ 》 ᠢ ᠠᠪᠤᠷᠠᠵᠤ ᠬᠠᠮᠠᠭᠠᠯᠠᠬᠤ ᠠᠵᠢᠯ ᠤᠨ ᠲᠥᠰᠦᠯ ᠳᠦ 《ᠠᠷᠪᠠᠨ ᠵᠦᠭ ᠦᠨ ᠡᠵᠡᠨ ᠭᠡᠰᠡᠷ ᠬᠠᠭᠠᠨ ᠤ ᠲᠤᠭᠤᠵᠢ ᠣᠷᠤᠰᠢᠪᠠ 》 ᠭᠡᠬᠦ ᠦᠯᠢᠭᠡᠷ ᠢ ᠰᠢᠩᠭᠡᠭᠡᠭᠰᠡᠨ ᠪᠢᠯᠡ᠃ ᠲᠡᠷᠡ ᠪᠣᠯ ᠦᠯᠢᠭᠡᠷ ᠂ᠲᠤᠤᠯᠢ ᠂ᠠᠷᠠᠳ ᠤᠨ ᠲᠠᠭᠤᠤ ᠂ᠬᠣᠯᠪᠤᠭ᠎ᠠ ᠵᠡᠷᠭᠡ ᠤᠷ᠎ᠠ ᠮᠡᠷᠭᠡᠵᠢᠯ ᠢ ᠮᠡᠷᠭᠡᠰᠢᠭᠰᠡᠨ ᠠᠷᠠᠳ ᠤᠨ ᠠᠯᠳᠠᠷᠲᠤ ᠤᠷᠠᠯᠢᠭᠴᠢᠨ ᠪᠤᠯᠤᠭᠰᠠᠨ ᠪᠠᠢᠨ᠎ᠠ᠃
ᠠᠭᠤᠯᠭ᠎ᠠ ᠶ᠋ᠢᠨ ᠨᠠᠢᠷᠠᠭᠤᠯᠤᠭᠴᠢ᠄ ᠪᠠᠭᠠᠷᠢᠨ ᠪᠠᠷᠠᠭᠤᠨ ᠬᠣᠰᠢᠭᠤᠨ ᠤ᠋ ᠭᠡᠰᠡᠷ ᠤ᠋ᠨ ᠠᠯᠪᠠᠨ ᠭᠡᠷ
ᠰᠡᠭᠦᠳᠡᠷᠯᠡᠭᠴᠢ᠄ᠵᠠᠩ ᠴᠦᠨ ᠰᠢᠶᠠᠩ
ᠮᠡᠷᠭᠡᠵᠢᠯ᠄ ᠵᠤᠯᠠᠨ᠎ᠠ
ᠬᠢᠨᠠᠭᠴᠢ᠄ ᠯᠦᠩᠮᠧᠢ
ᠶᠡᠷᠦᠩᠬᠡᠢ ᠬᠢᠨᠠᠭᠴᠢ᠄ ᠰᠤᠶᠤᠯᠲᠦ