ᠠᠷᠠᠳ ᠤ᠋ᠨ ᠤᠷᠠᠯᠢᠭᠴᠢᠨ ᠥᠯᠵᠡᠢᠲᠦ
2019.08.12 ᠲᠣᠰ ᠥᠷᠲᠡᠭᠡᠨ ᠦ ᠨᠠᠢᠷᠠᠭᠤᠯᠤᠭᠴᠢ

 

     ᠦᠯᠵᠡᠢᠲᠦ  (1960~  ) ᠮᠣᠩᠭᠤᠯ ᠦᠨᠳᠦᠰᠦᠲᠡᠨ᠂ ᠥᠪᠥᠷ ᠮᠣᠩᠭᠤᠯ ᠤᠨ ᠤᠯᠠᠭᠠᠨᠬᠠᠳᠠ ᠬᠣᠲᠠ ᠶᠢᠨ ᠪᠠᠭᠠᠷᠢᠨ ᠪᠠᠷᠠᠭᠤᠨ ᠬᠤᠰᠢᠭᠤᠨ ᠤ ᠬᠦᠮᠦᠨ᠃ ᠦᠯᠵᠡᠢᠲᠦ ᠪᠠᠭ᠎ᠠ ᠨᠠᠰᠤᠨ ᠠᠴᠠ ᠪᠠᠨ ᠰᠡᠴᠡᠨ ᠰᠡᠷᠭᠦᠯᠡᠩ᠂ ᠴᠡᠭᠡᠵᠢ ᠰᠠᠢᠲᠠᠢ ᠪᠠᠢᠵᠤ ᠂ 7 ᠨᠠᠰᠤᠨ ᠠᠴᠠ ᠪᠠᠨ ᠪᠢᠴᠢᠭ ᠦᠵᠡᠵᠦ᠂ 17 ᠲᠠᠢ ᠵᠢᠯ ᠳ᠋ᠡᠬᠡᠨ ᠠᠵᠤ ᠠᠮᠢᠳᠤᠷᠠᠯ ᠤᠨ ᠬᠦᠴᠢᠷᠳᠡᠯ ᠡᠴᠡ ᠪᠣᠯᠵᠤ ᠠᠷᠤ ᠭᠡᠷ ᠲᠡᠬᠡᠨ ᠪᠤᠴᠠᠵᠤ ᠮᠠᠯᠴᠢᠨ ᠪᠣᠯᠵᠠᠢ᠃ ᠦᠯᠵᠡᠢᠲᠦ ᠲᠠᠭᠤᠴᠢᠨ ᠨᠠᠭᠠᠴᠤ ᠡᠪᠥᠭᠡ ᠰᠡᠷᠠᠩᠴᠣᠢᠮᠫᠣᠯ ᠤᠨ ᠨᠥᠯᠦᠭᠡ ᠶᠢ ᠬᠦᠷᠲᠡᠵᠦ ᠲᠠᠭᠤᠤ᠂ ᠬᠤᠭᠤᠷ ᠲᠤ ᠳᠤᠷ᠎ᠠ ᠰᠣᠨᠢᠷᠬᠠᠯ ᠲᠠᠢ ᠪᠣᠯᠤᠭᠰᠠᠨ ᠪᠦᠭᠡᠳ ᠪᠠᠭ᠎ᠠ ᠵᠠᠯᠠᠭᠤ ᠨᠠᠰᠤᠨ ᠠᠴᠠ ᠪᠠᠨ ᠪᠠᠭᠠᠷᠢᠨ ᠨᠤᠲᠤᠭ ᠤᠨ ᠬᠤᠭᠤᠷᠴᠢᠳ ᠲᠠᠢ ᠣᠢᠷᠠᠳᠴᠤ᠂ ᠦᠯᠢᠭᠡᠷ ᠬᠣᠯᠪᠤᠭ᠎ᠠ ᠬᠡᠯᠡᠬᠦ ᠤᠷ᠎ᠠ ᠠᠪᠢᠶᠠᠰ ᠢ ᠨᠢ ᠪᠠᠬᠠᠷᠬᠠᠨ ᠰᠤᠷᠴᠤ ᠶᠠᠪᠤᠪᠠ᠃ ᠲᠡᠷᠡ ᠪᠡᠷ ᠠᠬᠠᠮᠠᠳ ᠬᠤᠭᠤᠷᠴᠢ ᠫᠧᠷᠯᠡᠢ ᠶᠢ ᠪᠠᠭᠰᠢ ᠲᠠᠨᠢᠵᠤ᠂ ᠠᠮᠢᠳᠤ ᠰᠡᠷᠢᠭᠦᠨ ᠪᠠᠢᠬᠤ ᠳ᠋ᠤᠨᠢ ᠦᠷᠭᠦᠯᠵᠢ ᠭᠡᠷ ᠲᠤ᠌ ᠨᠢ ᠣᠴᠢᠵᠤ ᠳᠥᠷᠪᠡᠨ ᠤᠳᠠᠰᠤᠲᠤ ᠬᠤᠭᠤᠷ ᠰᠤᠷᠤᠯᠴᠠᠵᠤ ᠪᠠᠢᠵᠠᠢ᠃ 2006 ᠣᠨ ᠠᠴᠠ ᠡᠬᠢᠯᠡᠨ ᠤᠯᠠᠭᠠᠨᠬᠠᠳᠠ ᠶᠢᠨ ᠷᠠᠳᠢᠣ᠋ ᠂ ᠪᠠᠭᠠᠷᠢᠨ ᠪᠠᠷᠠᠭᠤᠨ ᠬᠤᠰᠢᠭᠤᠨ ᠤ ᠷᠠᠳᠢᠣ᠋ ᠨᠡᠪᠲᠡᠷᠡᠭᠦᠯᠭᠡ ᠂ ᠲᠥᠪ ᠦᠨ ᠮᠣᠩᠭᠤᠯ ᠷᠠᠳᠢᠣ᠋ ᠂ ᠥᠪᠥᠷ ᠮᠣᠩᠭᠤᠯ ᠤ᠋ᠨ ᠷᠠᠳᠢᠣ᠋ ᠵᠡᠷᠭᠡ ᠵᠠᠭᠤᠴᠢᠰ ᠢᠶᠠᠷ ᠲᠡᠭᠦᠨ ᠤ ᠵᠣᠬᠢᠶᠠᠭᠰᠠᠨ ᠬᠣᠯᠪᠤᠭ᠎ᠠ ᠂ ᠨᠠᠢᠷᠠᠯ ᠬᠣᠯᠪᠤᠭ᠎ᠠ ᠂ ᠲᠠᠭᠠᠷᠢᠯᠴᠠᠭ᠎ᠠ ᠂ ᠰᠢᠨ᠎ᠡ ᠬᠠᠭᠤᠴᠢᠨ ᠣᠬᠤᠷ ᠬᠤᠭᠤᠷ ᠤᠨ ᠦᠯᠢᠭᠡᠷ ᠢ ᠨᠡᠪᠲᠡᠷᠡᠭᠦᠯᠵᠦ ᠥᠩᠭᠡᠷᠡᠪᠡ᠃ ᠲᠡᠷᠡ ᠪᠠᠰᠠ 2007 ᠣᠨ ᠪᠣᠷᠠᠤᠰᠤ ᠪᠠᠯᠭᠠᠰᠤᠨ ᠤ ᠬᠤᠭᠤᠷᠴᠢᠳ ᠤᠨ ᠨᠡᠢᠭᠡᠮᠯᠢᠭ ᠦᠨ ᠲᠡᠷᠢᠭᠦᠯᠡᠭᠴᠢ ᠂ ᠪᠠᠭᠠᠷᠢᠨ ᠪᠠᠷᠠᠭᠤᠨ ᠬᠤᠰᠢᠭᠤᠨ ᠤ ᠬᠤᠭᠤᠷᠴᠢᠳ ᠤᠨ ᠨᠡᠢᠭᠡᠮᠯᠢᠭ ᠦᠨ ᠲᠡᠳ᠋ ᠨᠠᠷᠢᠨ ᠪᠢᠴᠢᠭᠡᠴᠢ ᠶᠢᠨ ᠲᠠᠷᠤᠭ᠎ᠠ ᠪᠠᠷ ᠰᠤᠩᠭᠤᠭᠳᠠᠵᠤ ᠂ ᠬᠤᠭᠤᠷᠴᠢᠳ ᠢᠶᠠᠨ ᠲᠠᠢᠴᠢᠯᠠᠨ ᠬᠣᠲᠠ ᠬᠤᠰᠢᠭᠤ ᠪᠠᠯᠭᠠᠰᠤᠨ ᠤ ᠬᠡᠪᠴᠢᠶᠡᠨ ᠤ ᠡᠯ᠎ᠡ ᠵᠦᠢᠯ ᠦᠨ ᠤᠷᠤᠯᠳᠤᠭᠠᠨ ᠮᠦᠷᠦᠢᠴᠡᠭᠡᠨ ᠦᠵᠡᠭᠦᠯᠦᠭᠡ ᠲᠣᠭᠯᠠᠯᠲᠠ ᠳᠤ ᠣᠷᠤᠯᠴᠠᠵᠤ ᠶᠠᠪᠤᠵᠠᠢ᠃ 2012 ᠣᠨ ᠳᠤ 《 ᠠᠷᠪᠠᠨ ᠵᠦᠭ ᠦᠨ ᠠᠴᠢᠲᠦ ᠮᠡᠷᠭᠡᠨ ᠭᠡᠰᠡᠷ ᠪᠣᠭᠳᠠ ᠶᠢᠨ ᠲᠤᠭᠤᠵᠢ 》 ᠶᠢᠨ ᠭᠤᠷᠪᠠᠨ ᠪᠥᠯᠦᠭ ᠢ ᠠᠩᠬ᠎ᠠ ᠤᠳᠠᠭ᠎ᠠ ᠲᠠᠭᠤᠨ ᠬᠣᠷᠢᠶᠠᠭᠤᠷ  ᠲᠤ ᠰᠢᠩᠭᠡᠭᠡᠨ ᠠᠪᠤᠭᠰᠠᠨ ᠪᠢᠯᠡ᠃

 

ᠠᠭᠤᠯᠭ᠎ᠠ ᠶ᠋ᠢᠨ ᠨᠠᠢᠷᠠᠭᠤᠯᠤᠭᠴᠢ᠄ ᠪᠠᠭᠠᠷᠢᠨ ᠪᠠᠷᠠᠭᠤᠨ ᠬᠣᠰᠢᠭᠤᠨ ᠤ᠋ ᠭᠡᠰᠡᠷ ᠤ᠋ᠨ ᠠᠯᠪᠠᠨ ᠭᠡᠷ

ᠰᠡᠭᠦᠳᠡᠷᠯᠡᠭᠴᠢ᠄ᠥᠯᠵᠡᠢᠳᠡᠯᠭᠡᠷ

ᠮᠡᠷᠭᠡᠵᠢᠯ᠄ ᠵᠤᠯᠠᠨ᠎ᠠ

ᠬᠢᠨᠠᠭᠴᠢ᠄ ᠯᠦᠩᠮᠧᠢ

ᠶᠡᠷᠦᠩᠬᠡᠢ ᠬᠢᠨᠠᠭᠴᠢ᠄ ᠰᠤᠶᠤᠯᠲᠦ

ᠡᠮᠦᠨᠡᠬᠢ ᠵᠣᠬᠢᠶᠠᠯ:
ᠠᠷᠠᠳ ᠤ᠋ᠨ ᠤᠷᠠᠯᠢᠭᠴᠢᠨ ᠵᠠᠯᠰᠠᠨ
ᠳᠠᠷᠠᠭᠠᠬᠢ ᠵᠣᠬᠢᠶᠠᠯ:
ᠵᠣᠬᠢᠶᠠᠯ ᠦᠭᠡᠢ ᠪᠣᠯᠵᠠᠢ
蒙ICP备17000293号-1 蒙公网安备 15010202150932号