ᠭᠡᠰᠡᠷ ᠰᠣᠶᠤᠯ ᠢ᠋ ᠬᠥᠭᠵᠢᠭᠦᠯᠬᠦ ᠨᠢ ᠬᠥᠮᠦᠰ ᠲᠤ᠌ ᠳᠤᠮᠳᠠᠳᠤ ᠶ᠋ᠢᠨ ᠦᠨᠳᠦᠰᠦᠲᠡᠨ ᠦ᠌ ᠦᠯᠡᠮᠵᠢ ᠪᠠᠶᠠᠯᠢᠭ ᠰᠣᠶᠤᠯ ᠤ᠋ᠨ ᠥᠪ ᠢ᠋ ᠣᠢᠯᠭᠠᠭᠤᠯᠤᠨ᠂ ᠰᠣᠶᠤᠯ ᠤ᠋ᠨ ᠢᠲᠡᠭᠡᠯ ᠢ᠋ᠶ᠋ᠡᠨ ᠤᠯᠠᠮ ᠴᠢᠨᠠᠭᠰᠢᠳᠠ ᠪᠠᠳᠤᠳᠬᠠᠵᠤ᠂ ᠰᠣᠶᠤᠯ ᠤ᠋ᠨ ᠬᠠᠮᠲᠦ ᠶ᠋ᠢᠨ ᠲᠠᠨᠢᠯᠲᠠ ᠪᠠᠨ ᠴᠢᠩᠭᠠᠳᠭᠠᠨ᠂ ᠳᠤᠮᠳᠠᠳᠤ ᠶ᠋ᠢᠨ ᠦᠨᠳᠦᠰᠦᠲᠡᠨ ᠦ᠌ ᠬᠠᠮᠲᠦ ᠶ᠋ᠢᠨ ᠴᠣᠭᠴᠠ ᠶ᠋ᠢᠨ ᠤᠬᠠᠮᠰᠠᠷ ᠢ᠋ ᠪᠠᠲᠦ ᠴᠣᠭᠴᠠᠯᠠᠵᠤ᠂ ᠳᠤᠮᠳᠠᠳᠤ ᠶ᠋ᠢᠨ ᠰᠢᠯᠢᠳᠡᠭ ᠤᠯᠠᠮᠵᠢᠯᠠᠯᠲᠦ ᠰᠣᠶᠤᠯ ᠢ᠋ ᠪᠠᠳᠠᠷᠠᠭᠤᠯᠬᠤ ᠳ᠋ᠤ᠌ ᠴᠢᠬᠤᠯᠠ ᠠᠴᠢ ᠬᠣᠯᠪᠤᠭᠳᠠᠯ ᠲᠠᠢ ᠶᠤᠮ᠃
ᠪᠠᠭᠠᠷᠢᠨ ᠪᠠᠷᠠᠭᠤᠨ ᠬᠣᠰᠢᠭᠤ ᠨᠢ ᠭᠡᠰᠡᠷ ᠰᠣᠶᠤᠯ ᠢ᠋ ᠠᠪᠤᠷᠠᠨ ᠬᠠᠮᠠᠭᠠᠯᠠᠬᠤ ᠪᠠ ᠤᠯᠠᠮᠵᠢᠯᠠᠨ ᠬᠥᠭᠵᠢᠭᠦᠯᠬᠦ ᠠᠵᠢᠯ ᠢ᠋ ᠰᠠᠢᠲᠦᠷ ᠠᠳᠭᠤᠵᠤ᠂2008 ᠣᠨ ᠳ᠋ᠤ᠌ ᠰᠣᠶᠤᠯ ᠤ᠋ᠨ ᠶᠠᠮᠤᠨ ᠡᠴᠡ《 ᠳᠤᠮᠳᠠᠳᠤ ᠤᠯᠤᠰ ᠤ᠋ᠨ ᠭᠡᠰᠡᠷ ᠰᠣᠶᠤᠯ ᠤ᠋ᠨ ᠨᠤᠲᠤᠭ》 ᠢ᠋ᠶ᠋ᠡᠷ ᠨᠡᠷᠡᠢᠳᠴᠠᠢ᠃ ᠣᠳᠣᠬᠠᠨ ᠪᠣᠯᠲᠠᠯ᠎ᠠ ᠠᠮᠠ ᠪᠡᠷ ᠤᠯᠠᠮᠵᠢᠯᠠᠭᠳᠠᠭᠰᠠᠨ ᠭᠡᠰᠡᠷ ᠤ᠋ᠨ ᠦᠯᠢᠭᠡᠷ ᠢ᠋360 ᠪᠦᠯᠦᠭ᠂ ᠭᠡᠰᠡᠷ ᠤ᠋ᠨ ᠠᠭᠤᠯᠠ ᠤᠰᠤᠨ ᠤ᠋ ᠳᠣᠮᠤᠭ ᠦᠯᠢᠭᠡᠷ 348 ᠬᠡᠰᠡᠭ ᠡᠮᠬᠢᠳᠭᠡᠨ ᠴᠤᠭᠯᠠᠭᠤᠯᠵᠤ᠂ ᠪᠠᠭᠠᠲᠤᠷᠯᠢᠭ ᠲᠤᠤᠯᠢ ᠭᠡᠰᠡᠷ ᠢ᠋1000 ᠴᠠᠭ ᠰᠢᠩᠭᠡᠭᠡᠨ ᠦᠢᠯᠡᠳᠴᠦ᠂《 ᠠᠵᠤᠮᠡᠷᠭᠡᠨ ᠬᠠᠲᠤᠨ ᠤ᠋ ᠲᠤᠭᠤᠵᠢ》᠂《 ᠭᠡᠰᠡᠷ ᠤ᠋ᠨ ᠦᠯᠢᠭᠡᠷ ᠳᠣᠮᠤᠭ》 ᠮᠡᠲᠦ ᠶ᠋ᠢᠨ ᠣᠯᠠᠨ ᠠᠷᠪᠢᠨ ᠨᠣᠮ ᠳᠡᠪᠲᠡᠷ ᠢ᠋ ᠬᠡᠪᠯᠡᠭᠦᠯᠦᠨ ᠲᠠᠷᠬᠠᠭᠠᠵᠤ᠂《 ᠪᠠᠭᠠᠷᠢᠨ ᠭᠡᠰᠡᠷ ᠤ᠋ᠨ ᠳ᠋ᠡᠢᠲ᠋ᠠ ᠬᠥᠮᠦᠷᠭᠡ》 ᠶ᠋ᠢ ᠪᠠᠢᠭᠤᠯᠤᠨ᠂ ᠳ᠋ᠦᠩᠰᠢᠭᠤᠷ ᠭᠠᠷᠤᠢ ᠦᠰᠦᠭ ᠪᠢᠴᠢᠭ ᠪᠠ ᠳᠠᠭᠤ ᠰᠢᠩᠭᠡᠭᠡᠯᠲᠡ᠂ ᠳᠦᠷᠰᠦ ᠰᠢᠩᠭᠡᠭᠡᠯᠲᠡ ᠶ᠋ᠢᠨ ᠮᠠᠲ᠋ᠧᠷᠢᠶᠠᠯ ᠢ᠋ ᠣᠷᠤᠭᠤᠯᠤᠨ ᠬᠠᠳᠠᠭᠠᠯᠠᠪᠠ᠃ ᠡᠳᠡᠭᠡᠷ ᠣᠯᠠᠨ ᠠᠵᠢᠯ ᠤ᠋ᠨ ᠳᠤᠮᠳᠠ ᠣᠢᠭ᠎ᠠ ᠦᠭᠡᠢ ᠵᠢᠳᠭᠦᠯ ᠴᠢᠷᠮᠠᠢᠯᠭ᠎ᠠ ᠭᠠᠷᠭᠠᠭᠰᠠᠨ ᠬᠥᠮᠦᠰ ᠤ᠋ᠨ ᠨᠢᠭᠡ ᠪᠣᠯᠬᠤ ᠭᠡᠰᠡᠷᠴᠢ ᠪᠠᠳᠮᠠᠷᠢᠨᠴᠢᠨ ᠭᠤᠸᠠᠢ ᠶ᠋ᠢ ᠳᠤᠷᠠᠳᠤᠭᠤᠰᠢᠲᠠᠢ᠃
ᠪᠠᠳᠮᠠᠷᠢᠨᠴᠢᠨ ᠭᠤᠸᠠᠢ 1961 ᠣᠨ ᠳ᠋ᠤ᠌ ᠪᠠᠭᠠᠷᠢᠨ ᠪᠠᠷᠠᠭᠤᠨ ᠬᠣᠰᠢᠭᠤᠨ ᠤ᠋ ᠴᠠᠭᠠᠨᠮᠥ᠋ᠷᠡᠨ ᠰᠤᠮᠤ ᠶ᠋ᠢᠨ ᠰᠢᠪᠠᠷᠲᠠᠢ ᠭᠠᠴᠠᠭ᠎ᠠ ᠶ᠋ᠢᠨ ᠴᠠᠭᠠᠨ᠌ᠣ᠋ᠪᠤᠭᠠ ᠳᠤᠭᠤᠢᠯᠠᠩ ᠳ᠋ᠤ᠌ ᠲᠥᠷᠦᠵᠡᠢ᠃ ᠲᠡᠷᠡ6 ᠨᠠᠰᠤᠨ ᠡᠴᠡ ᠪᠠᠨ ᠡᠬᠢᠯᠡᠨ ᠡᠮᠡᠭᠡ ᠪᠣᠯᠤᠨ ᠠᠪᠤ ᠡᠴᠡ ᠪᠠᠨ ᠳᠥᠷᠪᠡᠨ ᠤᠳᠠᠰᠤᠲᠦ ᠬᠤᠭᠤᠷ ᠰᠤᠷᠴᠤ᠂1990 ᠣᠨ ᠳ᠋ᠤ᠌ ᠲᠥᠷᠦ ᠶ᠋ᠢᠨ ᠭᠡᠰᠡᠷᠴᠢ ᠰᠠᠮᠪᠠᠯᠨᠣᠷᠪᠤ ᠪᠠᠭᠰᠢ ᠳ᠋ᠤ᠌ ᠱᠠᠪᠢᠯᠠᠨ ᠭᠡᠰᠡᠷ ᠬᠠᠢᠯᠠᠬᠤ ᠶ᠋ᠢ ᠰᠤᠷᠪᠠ᠃2006 ᠣᠨ ᠳ᠋ᠤ᠌ ᠪᠠᠭᠠᠷᠢᠨ ᠪᠠᠷᠠᠭᠤᠨ ᠬᠣᠰᠢᠭᠤ ᠬᠤᠭᠤᠷᠴᠢᠳ ᠤ᠋ᠨ ᠨᠡᠢᠭᠡᠮᠯᠢᠭ ᠪᠠᠢᠭᠤᠯᠬᠤ ᠳ᠋ᠤ᠌ ᠨᠡᠢᠭᠡᠮᠯᠢᠭ ᠤ᠋ᠨ ᠭᠡᠰᠢᠭᠦᠨ ᠪᠣᠯᠵᠤ᠂ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠵᠠᠯᠰᠠᠨ ᠪᠠᠭᠰᠢ ᠳ᠋ᠤ᠌ ᠲᠠᠨᠢᠭᠳᠠᠵᠤ᠂ ᠲᠡᠭᠦᠨ ᠦ᠌ ᠳᠣᠣᠷ᠎ᠠ ᠱᠠᠪᠢ ᠣᠷᠤᠵᠤ᠂ ᠬᠤᠭᠤᠷᠳᠠᠬᠤ ᠮᠡᠷᠭᠡᠵᠢᠯ ᠢ᠋ᠶ᠋ᠡᠨ ᠳᠡᠭᠡᠰᠢᠯᠡᠭᠦᠯᠪᠡ᠃ 2008 ᠣᠨ ᠳ᠋ᠤ᠌ ᠪᠠᠭᠠᠷᠢᠨ ᠪᠠᠷᠠᠭᠤᠨ ᠬᠣᠰᠢᠭᠤᠨ ᠤ᠋ ᠨᠠᠮ ᠵᠠᠰᠠᠭ ᠤ᠋ᠨ ᠱᠠᠭᠠᠷᠳᠠᠯᠭ᠎ᠠ ᠪᠡᠷ ᠮᠥᠩᠬᠡᠵᠢᠷᠭᠠᠯ᠂ ᠪ • ᠳᠡᠯᠭᠡᠷ ᠵᠡᠷᠭᠡ ᠪᠠᠭᠰᠢ ᠨᠠᠷ ᠤ᠋ᠨ ᠳᠡᠮᠵᠢᠯᠭᠡ ᠪᠡᠷ 100 ᠴᠠᠭ ᠤ᠋ᠨ《 ᠭᠡᠰᠡᠷ ᠤ᠋ᠨ ᠦᠯᠢᠭᠡᠷ》 ᠢ᠋ ᠬᠠᠢᠯᠠᠨ ᠳᠦᠷᠰᠦ ᠰᠢᠩᠭᠡᠭᠡᠯᠲᠡ ᠲᠠᠢ ᠪᠡᠷ ᠰᠡᠭᠦᠳᠡᠷᠯᠡᠨ ᠦᠢᠯᠡᠳᠴᠦ᠂ ᠲᠤᠰ ᠹᠢᠯᠢᠮ ᠢ᠋ 2010 ᠣᠨ ᠳ᠋ᠤ᠌ ᠪᠡᠭᠡᠵᠢᠩ ᠤ᠋ᠨ ᠰᠣᠶᠤᠯ ᠤ᠋ᠨ ᠣᠷᠳᠤᠨ ᠳ᠋ᠤ᠌ ᠲᠠᠷᠬᠠᠭᠠᠪᠠ᠃ ᠳᠠᠷᠠᠭ᠎ᠠ ᠨᠢ ᠭᠡᠰᠡᠷ ᠰᠣᠶᠤᠯ ᠢ᠋ ᠤᠯᠠᠮᠵᠢᠯᠠᠬᠤ ᠠᠵᠢᠯ ᠳᠡᠭᠡᠷ᠎ᠡ ᠦᠷᠭᠦᠯᠵᠢᠯᠡᠨ ᠴᠢᠷᠮᠠᠢᠨ ᠣᠷᠤᠯᠴᠠᠵᠤ᠂ ᠥᠪᠦᠷ ᠮᠣᠩᠭᠤᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠡᠪᠯᠡᠯ ᠤ᠋ᠨ ᠬᠣᠷᠢᠶ᠎ᠠ ᠳ᠋ᠤ᠌ 280 ᠴᠠᠭ ᠤ᠋ᠨ ᠭᠡᠰᠡᠷ ᠤ᠋ᠨ ᠦᠯᠢᠭᠡ ᠢ᠋ ᠳᠥᠷᠪᠡᠨ ᠤᠳᠠᠰᠤᠲᠦ ᠬᠤᠭᠤᠷ ᠢ᠋ᠶ᠋ᠡᠷ ᠶᠠᠷᠢᠵᠤ ᠰᠡᠭᠦᠳᠡᠷᠯᠡᠨ ᠦᠢᠯᠡᠳᠴᠦ᠂ ᠬᠥᠬᠡᠬᠣᠲᠠ ᠶ᠋ᠢᠨ《 ᠶᠢᠰᠦᠨ ᠥᠷᠯᠦᠭ》 ᠺᠣᠮᠫᠠᠨᠢ ᠳ᠋ᠤ᠌300 ᠴᠠᠭ ᠤ᠋ᠨ ᠭᠡᠰᠡᠷ ᠬᠠᠢᠯᠠᠨ ᠳᠦᠷᠰᠦ ᠰᠢᠩᠭᠡᠭᠡᠯᠲᠡ ᠬᠢᠵᠦ᠂ ᠪᠠᠭᠠᠷᠢᠨ ᠪᠠᠷᠠᠭᠤᠨ ᠬᠣᠰᠢᠭᠤᠨ ᠤ᠋ ᠥᠪ ᠰᠣᠶᠤᠯ ᠢ᠋ ᠤᠯᠠᠮᠵᠢᠯᠠᠬᠤ ᠲᠥᠪ ᠲᠤ᠌200 ᠴᠠᠭ ᠤ᠋ᠨ ᠭᠡᠰᠡᠷ ᠬᠠᠢᠯᠠᠨ ᠰᠡᠭᠦᠳᠡᠷᠯᠡᠨ ᠰᠢᠩᠭᠡᠭᠡᠵᠦ᠂ ᠨᠡᠢᠲᠡ1000 ᠴᠠᠭ ᠤ᠋ᠨ ᠭᠡᠰᠡᠷ ᠤ᠋ᠨ ᠦᠯᠢᠭᠡᠷ ᠢ᠋ ᠬᠠᠢᠯᠠᠨ ᠰᠢᠩᠭᠡᠭᠡᠨ ᠦᠢᠯᠡᠳᠬᠦ ᠳ᠋ᠤ᠌ ᠣᠷᠤᠯᠴᠠᠭᠰᠠᠨ ᠪᠠᠢᠨ᠎ᠠ᠃
ᠣᠳᠣ᠂ ᠪᠠᠳᠮᠠᠷᠢᠨᠴᠢᠨ ᠭᠤᠸᠠᠢ ᠣᠷᠤᠨ ᠤ᠋ ᠳᠡᠰ ᠤ᠋ᠨ ᠲᠥᠯᠦᠭᠡᠯᠡᠬᠦ ᠴᠢᠨᠠᠷ ᠲᠠᠢ ᠤᠯᠠᠮᠵᠢᠯᠠᠭᠴᠢ ᠪᠡᠷ ᠠᠵᠢᠯᠯᠠᠵᠤ᠂《ᠭᠡᠰᠡᠷ》 ᠤ᠋ᠨ ᠠᠭᠤᠯᠠ ᠤᠰᠤᠨ ᠤ᠋ ᠳᠣᠮᠤᠭ ᠦᠯᠢᠭᠡᠷ ᠢ᠋ ᠡᠮᠬᠢᠳᠭᠡᠨ ᠴᠤᠭᠯᠠᠭᠤᠯᠬᠤ ᠪᠠ ᠭᠡᠰᠡᠷ ᠰᠣᠶᠤᠯ ᠢ᠋ ᠤᠯᠠᠮᠵᠢᠯᠠᠨ ᠬᠥᠭᠵᠢᠭᠦᠯᠬᠦ ᠠᠵᠢᠯ ᠳᠡᠭᠡᠷ᠎ᠡ ᠬᠦᠴᠦᠯᠡᠨ ᠣᠷᠤᠯᠴᠠᠵᠤ᠂ ᠲᠣᠭᠲᠠᠭᠰᠠᠨ ᠬᠤᠭᠤᠴᠠᠭ᠎ᠠ ᠲᠠᠢ ᠪᠡᠷ ᠰᠤᠷᠭᠠᠭᠤᠯᠢ ᠶ᠋ᠢᠨ ᠬᠦᠷᠢᠶᠡᠨ ᠳ᠋ᠤ᠌ ᠭᠦᠨᠵᠡᠭᠡᠢᠷᠡᠨ ᠭᠡᠰᠡᠷ ᠤ᠋ᠨ ᠲᠤᠤᠯᠢ ᠬᠠᠢᠯᠠᠨ ᠭᠡᠰᠡᠷ ᠤ᠋ᠨ ᠦᠯᠢᠭᠡᠷ ᠶᠠᠷᠢᠵᠦ᠂ ᠪᠠᠰᠠ《 ᠲᠤᠤᠯᠢ ᠶ᠋ᠢᠨ ᠴᠤᠤᠷᠢᠶᠠᠨ》 ᠬᠠᠮᠲᠤᠷᠯᠢᠭ ᠪᠠᠢᠭᠤᠯᠤᠨ ᠲᠣᠭᠯᠠᠯᠲᠠ ᠦᠵᠡᠭᠦᠯᠭᠡ ᠭᠠᠷᠭᠠᠵᠤ᠂ ᠣᠯᠠᠨ ᠱᠠᠪᠢ ᠨᠠᠷ ᠬᠥᠮᠦᠵᠢᠭᠦᠯᠵᠦ᠂ ᠣᠯᠠᠨᠲᠠ ᠱᠠᠩᠨᠠᠯ ᠬᠥᠬᠢᠭᠦᠯᠦᠯ ᠬᠦᠷᠲᠡᠵᠦ᠂ ᠨᠢᠳᠦᠨᠤᠨ ᠤᠯᠤᠰ ᠤ᠋ᠨ ᠳᠡᠰ ᠤ᠋ᠨ ᠭᠡᠰᠡᠷ ᠤ᠋ᠨ ᠲᠥᠯᠦᠭᠡᠯᠡᠬᠦ ᠴᠢᠨᠠᠷ ᠲᠠᠢ ᠤᠯᠠᠮᠵᠢᠯᠠᠭᠴᠢ ᠪᠡᠷ ᠮᠡᠳᠡᠭᠦᠯᠦᠭᠡᠳ ᠪᠠᠢᠨ᠎ᠠ᠃
ᠢᠷᠡᠯᠲᠡ᠄ ᠤᠯᠠᠭᠠᠨ ᠬᠠᠳᠠ ᠶ᠋ᠢᠨ ᠡᠳᠦᠷ ᠤ᠋ᠨ ᠰᠣᠨᠢᠨ