《ᠭᠡᠰᠡᠷ》 ᠤᠨ ᠲᠤᠤᠯᠢ ᠨᠢ ᠬᠥᠬᠡᠨᠠᠭᠤᠷ ᠲᠥᠪᠡᠳ ᠤᠨ ᠥᠨᠳᠦᠷᠯᠢᠭ ᠲᠤ ᠬᠥᠪᠥᠷᠡᠨ ᠡᠭᠦᠰᠦᠭᠡᠳ ᠳᠤᠮᠳᠠᠳᠤ ᠤᠯᠤᠰ ᠲᠤ ᠨᠡᠯᠢᠶᠡᠳ ᠲᠠᠷᠬᠠᠨ ᠳᠡᠯᠭᠡᠷᠡᠭᠡᠳ 《ᠳᠣᠷᠣᠨᠠᠳᠠᠬᠢᠨ ᠤ ᠬᠤᠮᠧᠷ ᠤᠨ ᠲᠤᠤᠯᠢ》 ᠬᠡᠮᠡᠭᠳᠡᠨ ᠳᠡᠯᠡᠬᠡᠢ ᠳ᠋ᠠᠬᠢᠨ᠎ᠠ ᠠᠯᠳᠠᠷᠰᠢᠪᠠᠢ᠃《ᠭᠡᠰᠡᠷ》 ᠤᠨ ᠲᠤᠤᠯᠢ ᠨᠢ ᠣᠷᠣᠨ ᠪᠦᠰᠡ ᠶᠢᠨ ᠰᠣᠶᠣᠯ ᠪᠠᠢᠭᠰᠠᠨ ᠠᠴᠠ ᠪᠠᠨ ᠳᠤᠮᠳᠠᠳᠤ ᠶᠢᠨ ᠦᠨᠳᠦᠰᠦᠲᠡᠨ ᠤ ᠬᠠᠮᠲᠤ ᠪᠠᠷ ᠡᠳ᠋ᠯᠡᠬᠦ ᠰᠣᠶᠣᠯ᠂ ᠴᠢᠨᠠᠭᠰᠢᠯᠠᠨ ᠳᠡᠯᠡᠬᠡᠢ ᠨᠡᠢᠲᠡ ᠶᠢᠨ ᠮᠠᠭᠲᠠᠭᠠᠯ ᠰᠠᠢᠰᠢᠶᠠᠯ ᠢ ᠬᠦᠷᠲᠡᠭᠰᠡᠨ ᠰᠣᠶᠣᠯ ᠪᠣᠯᠤᠭᠰᠠᠨ ᠤ ᠨᠢᠭᠤᠴᠠ ᠲᠡᠮᠳᠡᠭ ᠨᠢ ᠶᠠᠭᠤ ᠪᠣᠢ? ᠡᠨᠡ ᠲᠤᠬᠠᠢ《ᠳᠤᠮᠳᠠᠳᠦ ᠶᠢ ᠦᠭᠦᠯᠡᠬᠦᠢ》 ᠶᠢᠨ ᠬᠢᠨ ᠰᠧᠴᠦ᠍ᠸᠠᠨ ᠶᠡᠭᠡ ᠰᠤᠷᠭᠠᠭᠤᠯᠢ ᠶᠢᠨ ᠰᠣᠶᠣᠯ ᠲᠡᠦᠬᠡ ᠶᠢᠨ ᠳᠡᠭᠡᠳᠦ ᠰᠤᠷᠭᠠᠭᠤᠯᠢ ᠶᠢᠨ ᠫᠷᠣᠹᠧᠰᠰᠣᠷ ᠯᠢ ᠶᠢᠨ ᠢ ᠤᠷᠢᠵᠦ ᠲᠠᠢᠯᠤᠮᠵᠢ ᠬᠢᠯᠭᠡᠯ᠎ᠡ᠃
ᠰᠤᠷᠪᠤᠯᠵᠢᠯᠠᠭᠴᠢ : ᠲᠠ ᠣᠷᠴᠢᠮᠬᠠᠨ ᠨᠡᠢᠲᠡᠯᠡᠭᠦᠯᠦᠭᠰᠡᠨ ᠨᠢᠭᠡᠨ ᠵᠣᠬᠢᠶᠠᠯ ᠳᠤ ᠪᠠᠨ᠂《ᠭᠡᠰᠡᠷ》 ᠤᠨ ᠲᠤᠤᠯᠢ ᠨᠢ ᠣᠷᠣᠨ ᠪᠦᠰᠡ ᠶᠢᠨ ᠴᠢᠨᠠᠷᠲᠠᠢ ᠰᠣᠶᠣᠯ ᠪᠠᠢᠭᠰᠠᠨ ᠠᠴᠠ ᠪᠠᠨ ᠳᠤᠮᠳᠠᠳᠤ ᠶᠢᠨ ᠦᠨᠳᠦᠰᠦᠲᠡᠨ ᠤ ᠬᠠᠮᠲᠤ ᠪᠠᠷ ᠡᠳ᠋ᠯᠡᠬᠦ ᠰᠣᠶᠣᠯ ᠪᠣᠯᠵᠤ ᠬᠤᠪᠢᠷᠠᠯ᠎ᠠ ᠭᠡᠵᠦ ᠳᠤᠷᠠᠳᠴᠠᠢ᠃ ᠲᠡᠭᠡᠪᠡᠯ ᠡᠢᠮᠤᠷᠬᠦᠦ ᠬᠤᠪᠢᠷᠠᠯᠲᠠ ᠶᠢ ᠠᠭᠢᠭᠤᠯᠤᠭᠰᠠᠨ ᠬᠠᠮᠤᠭ ᠤᠨ ᠭᠤᠣᠯ ᠬᠥᠳᠡᠯᠭᠡᠭᠴᠢ ᠬᠦ ᠴᠦ᠍ᠨ ᠨᠢ ᠶᠠᠭᠤ ᠪᠣᠢ?
ᠯᠢ ᠵᠢᠨ: ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠬᠤ ᠠᠴᠠ ᠡᠮᠦᠨ᠎ᠡ᠂《ᠭᠡᠰᠡᠷ》 ᠤᠨ ᠲᠤᠤᠯᠢ ᠶᠢᠨ ᠲᠠᠷᠬᠠᠯᠲᠠ ᠨᠢ ᠦᠨᠳᠦᠰᠦᠨ ᠳᠤ ᠪᠠᠨ ᠠᠶᠠᠨᠳᠠᠭᠠᠨ ᠶᠠᠪᠤᠭᠳᠠᠭᠰᠠᠨ ᠠᠵᠢᠯᠯᠠᠭ᠎ᠠ ᠪᠠᠢᠭᠰᠠᠨ ᠶᠤᠮ᠃ ᠥᠭᠡᠷ᠎ᠡ ᠪᠠᠷ ᠬᠡᠯᠡᠪᠡᠯ᠂ 《ᠭᠡᠰᠡᠷ》 ᠤᠨ ᠲᠤᠤᠯᠢ ᠨᠢ ᠠᠷᠠᠯᠵᠢᠶ᠎ᠠ ᠬᠤᠳᠠᠯᠳᠤᠭ᠎ᠠ᠂ ᠡᠷᠭᠢᠯ ᠮᠥᠷᠭᠦᠯ᠂ ᠨᠡᠭᠦᠳᠡᠯ ᠮᠠᠯᠵᠢᠯ ᠤᠨ ᠶᠠᠪᠤᠴᠠ ᠳᠤ ᠪᠠᠷᠠᠭᠤᠨ ᠣᠷᠣᠨ ᠤ ᠥᠨᠳᠦᠷᠯᠢᠭ ᠭᠠᠵᠠᠷ ᠲᠤ ᠠᠭᠠᠵᠢᠮ ᠢᠶᠠᠷ ᠳᠡᠯᠭᠡᠷᠡᠵᠦ ᠲᠠᠷᠬᠠᠭᠰᠠᠨ ᠶᠤᠮ᠃1950 ᠣᠨ ᠠᠴᠠ ᠬᠣᠢᠰᠢ᠂ ᠪᠢᠳᠡ 《ᠭᠡᠰᠡᠷ》 ᠤᠨ ᠲᠤᠤᠯᠢ ᠶᠢ ᠠᠪᠤᠷᠠᠬᠤ᠂ ᠴᠤᠭᠯᠠᠭᠤᠯᠬᠤ ᠪᠠ ᠡᠮᠬᠢᠳᠬᠡᠬᠦ ᠠᠵᠢᠯ ᠢ ᠶᠡᠭᠡ ᠬᠡᠪᠴᠢᠶ᠎ᠡ ᠪᠠᠷ ᠥᠷᠨᠢᠭᠦᠯᠦᠭᠰᠡᠨ᠂ ᠣᠨᠴᠠᠭᠠᠢᠯᠠᠨ 2004 ᠣᠨ ᠠᠴᠠ ᠬᠣᠢᠰᠢ᠂ ᠤᠯᠤᠰ ᠤᠨ ᠳᠡᠰ ᠤᠨ ᠪᠤᠳᠠᠰ ᠤᠨ ᠪᠤᠰᠤ ᠰᠣᠶᠣᠯ ᠤᠨ ᠥᠪ ᠢ ᠬᠠᠮᠠᠭᠠᠯᠠᠬᠤ ᠪᠠᠷ ᠳᠠᠮᠵᠢᠭᠠᠳ 《ᠭᠡᠰᠡᠷ》 ᠤᠨ ᠲᠤᠤᠯᠢ ᠶᠢᠨ ᠤᠯᠠᠮᠵᠢᠯᠠᠭᠳᠠᠨ ᠳᠡᠯᠭᠡᠷᠡᠬᠦ ᠠᠷᠭ᠎ᠠ ᠬᠡᠯᠪᠡᠷᠢ ᠶᠢ ᠥᠩᠭᠡᠷᠡᠭᠰᠡᠨ ᠤ ᠠᠶᠠᠨᠳᠠᠭᠠᠨ ᠤ ᠤᠯᠠᠮᠵᠢᠯᠠᠨ ᠳᠡᠯᠭᠡᠷᠡᠭᠦᠯᠳᠡᠭ ᠠᠴᠠ ᠳᠤᠮᠳᠠᠳᠦ ᠶᠢᠨ ᠦᠨᠳᠦᠰᠦᠳᠡᠨ ᠤ ᠬᠠᠮᠲᠦ ᠪᠠᠷ ᠡᠳ᠋ᠯᠡᠬᠦ ᠤᠳᠤ ᠴᠠᠭ ᠤᠨ ᠰᠤᠶᠤᠯ ᠤᠨ ᠤᠯᠠᠮᠵᠢᠯᠠᠨ ᠳᠡᠯᠭᠡᠷᠡᠭᠦᠯᠬᠦ ᠠᠷᠭ᠎ᠠ ᠬᠡᠯᠪᠡᠷᠢ ᠪᠣᠯᠭᠠᠨ ᠬᠤᠪᠢᠷᠠᠭᠤᠯᠪᠠ᠃ ᠡᠢᠮᠤ ᠠᠴᠠ ᠂ 《ᠭᠡᠰᠡᠷ》 ᠤᠨ ᠲᠤᠤᠯᠢ ᠨᠢ ᠣᠷᠣᠨ ᠪᠦᠰᠡ ᠶᠢᠨ ᠴᠢᠨᠠᠷᠲᠠᠢ ᠰᠣᠶᠣᠯ ᠪᠠᠢᠭᠰᠠᠨ ᠠᠴᠠ ᠪᠠᠨ ᠳᠤᠮᠳᠠᠳᠤ ᠶᠢᠨ ᠦᠨᠳᠦᠰᠦᠲᠡᠨ ᠤ ᠬᠠᠮᠲᠤ ᠪᠠᠷ ᠡᠳ᠋ᠯᠡᠬᠦ ᠰᠤᠶᠤᠯ ᠪᠣᠯᠵᠤ ᠬᠤᠪᠢᠷᠠᠭᠰᠠᠨ ᠤ ᠬᠥᠳᠡᠯᠭᠡᠬᠦ ᠬᠦ ᠴᠦ᠍ᠨ ᠨᠢ ᠪᠣᠯ ᠤᠯᠤᠰ ᠠᠴᠠ ᠤᠯᠠᠮᠵᠢᠯᠠᠯᠲᠦ ᠰᠤᠶᠤᠯ ᠢ ᠪᠦᠬᠦᠯᠢ ᠴᠣᠭᠴᠠᠲᠤ ᠴᠢᠨᠠᠷᠲᠠᠢ ᠬᠠᠮᠠᠭᠠᠯᠠᠭᠰᠠᠨ ᠠᠴᠠ ᠶᠤᠮ᠃
ᠰᠤᠷᠪᠤᠯᠵᠢᠯᠠᠭᠴᠢ: ᠤᠯᠤᠰ ᠠᠴᠠ 《ᠭᠡᠰᠡᠷ》 ᠤᠨ ᠲᠤᠤᠯᠢ ᠳᠤ ᠶᠡᠭᠡ ᠬᠡᠮᠵᠢᠶᠡᠨ ᠤ ᠠᠪᠤᠷᠠᠯᠲᠠ ᠶᠢᠨ ᠴᠢᠨᠠᠷᠲᠠᠢ ᠠᠵᠢᠯ ᠬᠢᠵᠡᠢ᠂ᠡᠳᠡᠭᠡᠷ ᠠᠵᠢᠯ ᠢ ᠬᠡᠳᠦᠨ ᠱᠠᠲᠤ ᠬᠤᠪᠢᠶᠠᠵᠤ ᠪᠣᠯᠬᠤ ᠪᠣᠢ?
ᠯᠢ ᠶᠢᠨ: ᠳᠤᠮᠳᠠᠳᠤ ᠤᠯᠤᠰ ᠠᠴᠠ 《ᠭᠡᠰᠡᠷ》 ᠢ ᠬᠠᠮᠠᠭᠠᠯᠠᠬᠤ ᠠᠵᠢᠯ ᠳᠤ ᠴᠢᠬᠤᠯᠠ ᠬᠡᠳᠦᠨ ᠬᠥᠭᠵᠢᠯᠲᠡ ᠶᠢᠨ ᠱᠠᠲᠤ ᠪᠠᠢᠳᠠᠭ᠃
ᠨᠢᠭᠡᠳᠦᠭᠡᠷ ᠱᠠᠲᠤ ᠨᠢ 20 ᠳ᠋ᠤᠭᠠᠷ ᠵᠠᠭᠤᠨ ᠤ ᠲᠠᠪᠢᠭᠠᠳ ᠣᠨ᠃ 20 ᠳ᠋ᠤᠭᠠᠷ ᠵᠠᠭᠤᠨ ᠤ ᠲᠠᠪᠢᠭᠠᠳ ᠣᠨ ᠠᠴᠠ ᠡᠬᠢᠯᠡᠨ《ᠭᠡᠰᠡᠷ》 ᠲᠠᠢ ᠬᠤᠯᠪᠣᠭᠳᠠᠯ ᠪᠦᠬᠦᠢ ᠮᠠᠲ᠋ᠧᠷᠢᠶᠠᠯ᠂ ᠪᠢᠴᠢᠭ ᠳᠡᠪᠳᠡᠷ ᠪᠠ ᠬᠠᠢᠯᠠᠯᠲᠠ ᠲᠣᠭᠯᠠᠯᠲᠠ ᠶ᠋ᠢ ᠠᠪᠤᠷᠠᠬᠤ᠂ ᠴᠤᠭᠯᠠᠭᠤᠯᠬᠤ ᠪᠠ ᠡᠮᠬᠢᠳᠬᠡᠬᠦ ᠠᠵᠢᠯ ᠢ ᠦᠷᠨᠢᠭᠦᠯᠵᠦ ᠬᠠᠢᠯᠠᠨᠤᠯᠠᠮᠵᠢᠯᠠᠵᠤ ᠪᠠᠢᠭ᠎ᠠ ᠤᠷᠠᠯᠢᠭᠴᠢᠳ ᠤᠨ ᠤᠷᠮ᠎ᠠ ᠵᠣᠷᠢᠭ ᠢ ᠬᠥᠪᠴᠢᠯᠡᠭᠰᠡᠨ ᠶᠤᠮ᠃
ᠬᠤᠶᠠᠳᠤᠭᠠᠷ ᠱᠠᠲᠤ ᠨᠢ 20 ᠳ᠋ᠤᠭᠠᠷ ᠵᠠᠭᠤᠨ ᠤ ᠨᠠᠶᠠᠭᠠᠳ ᠣᠨ᠃ 1983 ᠣᠨ ᠳᠤ᠂ ᠲᠥᠪ ᠤᠨ ᠤᠬᠠᠭᠤᠯᠬᠤ ᠬᠡᠯᠲᠡᠰ ᠠᠴᠠ 7 ᠳ᠋ᠤᠭᠠᠷ ᠨᠣᠮᠧᠷᠲᠤ ᠪᠢᠴᠢᠭ ᠮᠠᠲ᠋ᠧᠷᠢᠶᠠᠯ ᠪᠠᠭᠤᠯᠭᠠᠵᠤ᠂《ᠭᠡᠰᠡᠷ》 ᠢ ᠠᠪᠤᠷᠠᠨ ᠡᠮᠬᠢᠳᠬᠡᠬᠦ ᠠᠵᠢᠯ ᠳᠤ ᠴᠢᠬᠤᠯᠠ ᠶᠡᠭᠡ ᠪᠠᠢᠷᠢᠯᠠᠭᠤᠯᠤᠯᠲᠠ ᠬᠢᠭᠰᠡᠨ ᠤ ᠬᠠᠮᠲᠤ᠂ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ᠂ ᠰᠣᠶᠣᠯ ᠤᠨ ᠶᠠᠮᠤᠨ᠂ ᠷᠠᠳᠢᠣ᠋ ᠲᠧᠯᠸᠢᠰ ᠤᠨ ᠶᠡᠷᠦᠩᠬᠡᠢ ᠲᠣᠪᠴᠢᠶ᠎ᠠ᠂ ᠳᠤᠮᠳᠠᠳᠤ ᠤᠯᠤᠰ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠳᠤᠮᠳᠠᠳᠤ ᠤᠯᠤᠰ ᠤᠨ ᠨᠡᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠵᠡᠷᠭᠡ 5 ᠰᠠᠯᠠᠭ᠎ᠠ ᠮᠥᠴᠢᠷ ᠪᠠ ᠲᠤᠤᠯᠢ ᠶᠢᠨ ᠤᠯᠠᠮᠵᠢᠯᠠᠭᠳᠠᠨ ᠲᠠᠷᠬᠠᠵᠤ ᠪᠠᠢᠭ᠎ᠠ ᠲᠥᠪᠡᠳ᠂ ᠥᠪᠥᠷ ᠮᠣᠩᠭᠤᠯ᠂ ᠬᠥᠬᠡᠨᠠᠭᠤᠷ᠂ ᠰᠧᠴᠦ᠍ᠸᠠᠨ᠂ ᠭᠠᠨᠰᠦ᠂ ᠶᠦᠨᠨᠠᠨ᠂ ᠰᠢᠨᠵᠢᠶᠠᠩ ᠵᠡᠷᠭᠡ 7 ᠮᠣᠵᠢ ᠣᠷᠣᠨ ᠢᠶᠠᠷ ᠪᠦᠷᠢᠯᠳᠦᠭᠰᠡᠨ ᠪᠦᠬᠦ ᠤᠯᠤᠰ ᠤᠨ 《ᠭᠡᠰᠡᠷ》 ᠤᠨ ᠠᠵᠢᠯ ᠤᠨ ᠤᠳᠤᠷᠢᠳᠬᠤ ᠳᠤᠭᠤᠢᠯᠠᠩ ᠵᠢᠴᠢ ᠠᠯᠪᠠᠨ ᠭᠡᠷ ᠢ ᠪᠠᠢᠭᠤᠯᠵᠠᠢ᠃ ᠢᠩᠭᠢᠭᠰᠡᠨ ᠠᠴᠠ ᠠᠪᠤᠷᠠᠬᠤ ᠡᠮᠬᠢᠳᠬᠡᠬᠦ᠂ ᠰᠤᠳᠤᠯᠤᠯ ᠰᠢᠨᠵᠢᠯᠡᠭᠡᠨ ᠢ ᠡᠭᠦᠰᠬᠡᠨ ᠪᠠᠢᠭᠤᠯᠬᠤ᠂ ᠰᠤᠳᠤᠯᠭᠠᠨ ᠤ ᠴᠢᠳᠠᠪᠤᠷᠢᠲᠠᠨ ᠢ ᠬᠥᠮᠦᠵᠢᠭᠦᠯᠬᠦ᠂ ᠦᠷ᠎ᠡ ᠪᠦᠲᠦᠭᠡᠯ ᠢ ᠬᠡᠪᠯᠡᠭᠦᠯᠬᠦ᠂ ᠭᠠᠳᠠᠭᠠᠳᠤ ᠰᠣᠯᠢᠯᠴᠠᠭ᠎ᠠ ᠬᠢᠬᠦ ᠭᠡᠬᠦᠴᠢᠯᠡᠨ ᠠᠰᠤᠷᠤ ᠲᠣᠮᠣ ᠡᠩᠨᠡᠭᠡ ᠪᠥᠷᠢᠯᠳᠦᠭᠰᠡᠨ ᠶᠤᠮ᠃
ᠡᠨᠡ ᠬᠦ ᠱᠠᠲᠤᠨ ᠳᠤ ᠪᠢᠳᠡ ᠡᠳᠦᠢ ᠲᠡᠳᠦᠢ ᠴᠢᠬᠤᠯᠠ ᠶᠡᠭᠡ ᠠᠮᠵᠢᠯᠲᠠ ᠣᠯᠤᠭᠰᠠᠨ ᠪᠢᠯᠡ: ᠨᠢᠭᠡ ᠨᠢ ᠮᠠᠰᠢ ᠣᠯᠠᠨ ᠠᠮᠠᠨ ᠤᠷᠠᠯᠢᠭᠴᠢᠳ ᠲᠤ ᠠᠪᠤᠷᠠᠯᠲᠠ ᠶᠢᠨ ᠴᠢᠨᠠᠷᠲᠠᠢ ᠳᠠᠭᠤ ᠳᠦᠷᠰᠦ ᠶᠢᠨ ᠰᠢᠩᠭᠡᠭᠡᠯᠲᠡ ᠪᠢᠴᠢᠯᠭᠡ ᠬᠢᠵᠦ ᠠᠪᠤᠭᠰᠠᠨ ᠪᠥᠭᠡᠳ ᠵᠠᠷᠢᠮ ᠤᠷᠠᠯᠢᠭᠴᠢᠳ ᠶᠢᠨ ᠰᠢᠩᠭᠡᠭᠡᠯᠲᠡ ᠶᠢ ᠷᠠᠳᠢᠣ᠋ ᠪᠠᠷ ᠳᠠᠮᠵᠢᠭᠤᠯᠤᠨ ᠨᠡᠪᠲᠡᠷᠡᠭᠦᠯᠦᠨ ᠤᠯᠠᠮᠵᠢᠯᠠᠭᠠᠳ ᠥᠷᠭᠡᠨ ᠣᠯᠠᠨ ᠤ ᠬᠦᠷᠢᠶᠡᠯᠡᠯ ᠢ ᠶᠡᠬᠡᠳᠡ ᠣᠯᠵᠠᠢ ; ᠨᠥᠭᠦᠭᠡ ᠨᠢ᠂ ᠰᠤᠳᠤᠯᠭᠠᠨ ᠤ ᠠᠵᠢᠯ ᠢ ᠶᠡᠭᠡ ᠬᠡᠮᠵᠢᠶ᠎ᠡ ᠪᠠᠷ ᠬᠢᠭᠰᠡᠨ ᠶᠠᠪᠤᠳᠠᠯ ᠪᠣᠯᠬᠤ ᠶᠤᠮ᠃
ᠭᠤᠷᠪᠠᠳᠤᠭᠠᠷ ᠱᠠᠲᠤ ᠨᠢ 2006 ᠣᠨ ᠠᠴᠠ ᠬᠣᠢᠰᠢ᠃ 2006 ᠣᠨ ᠳᠤ᠂《ᠭᠡᠰᠡᠷ》 ᠤᠨ ᠲᠤᠤᠯᠢ ᠨᠢ ᠳᠤᠮᠳᠠᠳᠦ ᠤᠯᠤᠰ ᠤᠨ ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠥᠪ ᠤᠨ ᠨᠢᠭᠡᠳᠦᠭᠡᠷ ᠪᠥᠯᠦᠭ ᠤᠨ ᠲᠥᠯᠦᠭᠡᠯᠡᠬᠦ ᠴᠢᠨᠠᠷ ᠲᠠᠢ ᠲᠥᠷᠥᠯ ᠵᠦᠢᠯ ᠤᠨ ᠨᠡᠷᠡᠰ ᠤᠨ ᠪᠦᠷᠢᠳᠬᠡᠯ ᠳᠤ ᠵᠢᠭᠰᠠᠭᠠᠭᠳᠠᠵᠤ ᠂ 2009 ᠣᠨ ᠳᠤ ᠣᠯᠠᠨ ᠤᠯᠤᠰ ᠤᠨ ᠬᠤᠯᠪᠣᠭᠠᠲᠤ ᠪᠠᠢᠭᠤᠯᠭ᠎ᠠ ᠶᠢᠨ ᠰᠤᠷᠭᠠᠨ ᠬᠦᠮᠥᠵᠢᠯ᠂ ᠰᠢᠨᠵᠢᠯᠡᠬᠦ ᠤᠬᠠᠭᠠᠨ ᠪᠠ ᠰᠤᠶᠤᠯ ᠤᠨ ᠵᠤᠬᠢᠶᠠᠨ ᠪᠠᠢᠭᠤᠯᠤᠯᠳᠠ ᠶᠢᠨ《ᠬᠥᠮᠦᠨ ᠲᠥᠷᠥᠯᠬᠢᠲᠡᠨ ᠤ ᠪᠤᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠭᠴᠢ ᠪᠦᠲᠦᠭᠡᠯ ᠤᠨ ᠨᠡᠷᠡᠰ ᠤᠨ ᠵᠢᠭᠰᠠᠭᠠᠯᠲᠠ》 ᠳᠤ ᠳᠠᠬᠢᠨᠲᠠ ᠪᠦᠷᠢᠳᠬᠡᠭᠦᠯᠦᠭᠰᠡᠨ ᠪᠢᠯᠡ᠃ ᠡᠳᠡᠭᠡᠷ ᠶᠠᠪᠤᠴᠠ ᠨᠢ《ᠭᠡᠰᠡᠷ》 ᠢ ᠤᠯᠠᠮᠵᠢᠯᠠᠬᠤ ᠪᠠ ᠳᠡᠯᠭᠡᠷᠡᠭᠦᠯᠬᠦ ᠶᠢ ᠮᠠᠰᠢ ᠴᠢᠬᠤᠯᠠᠴᠢᠯᠠᠨ ᠬᠥᠨᠳᠦᠳᠬᠡᠵᠦ ᠪᠠᠢᠭ᠎ᠠ ᠶ᠋ᠢ ᠭᠦᠢᠴᠡᠳ ᠬᠠᠷᠠᠭᠤᠯᠵᠤ ᠪᠠᠢᠭ᠎ᠠ ᠶᠤᠮ᠃
1983ᠣᠨ ᠤ ᠠᠪᠤᠷᠠᠬᠤ ᠡᠮᠬᠢᠳᠬᠡᠬᠦ ᠠᠵᠢᠯ ᠤᠨ ᠨᠠᠩ ᠴᠢᠬᠤᠯᠠ ᠤᠳᠬ᠎ᠠ ᠠᠭᠤᠯᠭ᠎ᠠ ᠨᠢ ᠳᠠᠭᠤ ᠰᠢᠩᠭᠡᠭᠡᠬᠦ᠂ ᠳᠦᠷᠰᠦ ᠰᠢᠩᠭᠡᠭᠡᠬᠦ᠂ ᠲᠡᠮᠳᠡᠭᠯᠡᠨ ᠪᠢᠴᠢᠬᠦ ᠪᠠ ᠣᠷᠴᠢᠭᠤᠯᠬᠤ ᠲᠡᠳᠦᠢ ᠪᠠᠢᠭᠰᠠᠨ ᠶᠤᠮ᠃ 2006 ᠣᠨ ᠠᠴᠠ ᠬᠣᠢᠰᠢ᠂ ᠪᠢᠳᠡ ᠠᠮᠢᠳᠤᠯᠢᠭ ᠢᠶᠠᠷ ᠠᠪᠤᠷᠠᠵᠤ ᠬᠠᠮᠠᠭᠠᠯᠠᠬᠤ ᠶᠢ ᠣᠨᠴᠠᠭᠠᠢᠯᠠᠨ ᠴᠢᠬᠤᠴᠢᠯᠠᠭᠰᠠᠨ ᠶᠤᠮ᠃ 《ᠭᠡᠰᠡᠷ》 ᠤᠨ ᠲᠤᠤᠯᠢ ᠪᠣᠯ ᠠᠮᠠᠨ ᠤᠯᠠᠮᠵᠢᠯᠠᠯ ᠤᠨ ᠨᠢᠭᠡᠨ ᠵᠦᠢᠯ ᠪᠣᠯᠬᠤ ᠤᠴᠢᠷ ᠠᠴᠠ᠂ ᠡᠷᠬᠡᠪᠰᠢ ᠥᠪᠯᠡᠨ ᠤᠯᠠᠮᠵᠢᠯᠠᠭᠴᠢ ᠶᠢᠨ ᠪᠣᠳᠠᠲᠤ ᠦᠢᠯᠡᠳᠦᠯᠭᠡ ᠪᠠᠷ ᠳᠠᠮᠵᠢᠭᠤᠯᠪᠠᠯ ᠰᠠᠶ᠋ᠢ ᠲᠡᠭᠦᠨ ᠤ ᠣᠬᠢ ᠰᠣᠳᠣ ᠶᠢ ᠨᠢ ᠥᠪᠯᠡᠨ ᠤᠯᠠᠮᠵᠢᠯᠠᠭᠤᠯᠵᠤ ᠴᠢᠳᠠᠨ᠎ᠠ᠃ 2014 ᠣᠨ ᠳᠤ᠂ ᠰᠣᠶᠣᠯ ᠤᠨ ᠶᠠᠮᠤᠨ ᠪᠠᠰᠠ ᠤᠯᠤᠰ ᠤᠨ ᠳᠡᠰ ᠤᠨ 《ᠭᠡᠰᠡᠷ ᠰᠣᠶᠣᠯ (ᠭᠤᠯᠤᠭ) ᠤᠨ ᠠᠮᠢ ᠠᠬᠤᠢ ᠶᠢᠨ ᠬᠠᠮᠠᠭᠠᠯᠠᠯᠲᠠ ᠶᠢᠨ ᠲᠤᠷᠰᠢᠯᠲᠠ ᠶᠢᠨ ᠣᠷᠣᠨ》 ᠢ ᠪᠠᠢᠭᠤᠯᠵᠤ᠂ 《ᠭᠡᠰᠡᠷ》 ᠤ᠋ᠨ ᠲᠤᠤᠯᠢ ᠶᠢᠨ ᠤᠯᠠᠮᠵᠢᠯᠠᠯ ᠳᠤ ᠪᠦᠬᠦᠯᠢ ᠴᠣᠭᠴᠠ ᠶᠢᠨ ᠴᠢᠨᠠᠷᠲᠠᠢ ᠬᠠᠮᠠᠭᠠᠯᠠᠯᠲᠠ ᠬᠢᠪᠡ᠃ ᠥᠪᠥᠷ ᠮᠣᠩᠭᠤᠯ ᠤᠨ ᠪᠠᠭᠠᠷᠢᠨ ᠪᠠᠷᠠᠭᠤᠨ ᠬᠤᠰᠢᠭᠤ ᠴᠤ᠌ 《ᠳᠤᠮᠳᠠᠳᠤ ᠤᠯᠤᠰ ᠤᠨ ᠭᠡᠰᠡᠷ ᠰᠣᠶᠣᠯ ᠤᠨ ᠥᠯᠥᠭᠡᠢ》ᠬᠡᠮᠡᠬᠦ ᠰᠣᠶᠣᠯ ᠤᠨ ᠶᠠᠮᠤᠨ ᠠᠴᠠ ᠣᠯᠭᠤᠭᠰᠠᠨ ᠠᠯᠳᠠᠷ ᠴᠦ᠍ᠯᠠ ᠶᠢ ᠬᠦᠷᠲᠡᠪᠡ᠃ ᠡᠳᠡᠭᠡᠷ ᠨᠢ 《ᠭᠡᠰᠡᠷ》 ᠤᠨ ᠲᠤᠤᠯᠢ ᠶᠢ ᠪᠦᠬᠦᠯᠢ ᠴᠣᠭᠴᠠ ᠶᠢᠨ ᠴᠢᠨᠠᠷᠲᠠᠢ ᠬᠠᠮᠠᠭᠠᠯᠠᠯᠲᠠ ᠲᠠᠢ ᠪᠣᠯᠭᠠᠵᠤ᠂ 《ᠭᠡᠰᠡᠷ》 ᠤᠨ ᠲᠤᠤᠯᠢ ᠶᠢᠨ ᠬᠠᠮᠠᠭᠠᠯᠠᠯᠲᠠ ᠶᠢ ᠲᠡᠭᠦᠨ ᠤ ᠡᠭᠦᠰ ᠴᠦ᠍ ᠪᠦᠷᠢᠯᠳᠦᠭᠰᠡᠨ ᠪᠠ ᠲᠠᠷᠬᠠᠨ ᠳᠡᠯᠭᠡᠷᠡᠭᠰᠡᠨ ᠨᠡᠢᠭᠡᠮ ᠰᠣᠶᠣᠯ ᠤᠨ ᠣᠷᠴᠢᠨ ᠠᠬᠤᠢ ᠲᠠᠢ ᠨᠢ ᠬᠠᠮᠲᠤ ᠬᠠᠮᠠᠭᠠᠯᠠᠬᠤ ᠪᠣᠯᠭᠠᠨ ᠳᠡᠯᠭᠡᠷᠡᠭᠦᠯᠵᠦ ᠥᠷᠭᠡᠵᠢᠭᠦᠯᠦᠭᠰᠡᠨ ᠶᠤᠮ᠃
ᠰᠤᠷᠪᠤᠯᠵᠢᠯᠠᠭᠴᠢ : ᠤᠯᠤᠰ ᠠᠴᠠ 《ᠭᠡᠰᠡᠷ》 ᠤᠨ ᠲᠤᠤᠯᠢ ᠶᠢ ᠠᠪᠤᠷᠠᠯᠲᠠ ᠶᠢᠨ ᠴᠢᠨᠠᠷᠲᠠᠢ ᠬᠠᠮᠠᠭᠠᠯᠠᠭᠰᠠᠨ ᠠᠵᠢᠯ ᠨᠢ ᠲᠡᠭᠦᠨ ᠢ ᠣᠷᠣᠨ ᠪᠦᠰᠡ ᠶ᠋ᠢᠨ ᠰᠣᠶᠣᠯ ᠪᠠᠢᠭᠰᠠᠨ ᠠᠴᠠ ᠪᠠᠨ ᠳᠤᠮᠳᠠᠳᠤ ᠶᠢᠨ ᠦᠨᠳᠦᠰᠦᠲᠡᠨ ᠤ ᠬᠠᠮᠲᠤ ᠪᠠᠷ ᠡᠳ᠋ᠯᠡᠬᠦ ᠰᠣᠶᠣᠯ ᠪᠣᠯᠵᠤ ᠬᠤᠪᠢᠷᠠᠬᠤ ᠳᠤ ᠨᠢ ᠶᠠᠮᠠᠷ ᠲᠦᠯᠬᠢᠴᠡ ᠬᠦ ᠴᠦ᠍ᠨ ᠪᠣᠯᠣᠭᠰᠠᠨ ᠪᠣᠢ?
ᠯᠢ ᠵᠢᠨ: ᠤᠯᠤᠰ ᠠᠴᠠ ᠴᠢᠬᠤᠯᠠᠴᠢᠯᠠᠨ ᠬᠠᠮᠠᠭᠠᠯᠠᠭᠰᠠ ᠠᠴᠠ 《ᠭᠡᠰᠡᠷ》 ᠤᠨ ᠲᠤᠤᠯᠢ ᠶᠢ ᠤᠯᠠᠮᠵᠢᠯᠠᠨ ᠳᠡᠯᠭᠡᠷᠡᠭᠦᠯᠬᠦ ᠳᠤ ᠬᠡᠳᠦᠨ ᠴᠢᠬᠤᠯᠠ ᠶᠡᠭᠡ ᠬᠤᠪᠢᠷᠠᠯᠲᠠ ᠭᠠᠷᠴᠠᠢ᠃
ᠨᠢᠭᠡᠳᠦᠭᠡᠷ ᠲᠤ᠂ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ ᠢᠶᠠᠷ ᠬᠡᠪᠯᠡᠭᠦᠯᠦᠭᠰᠡᠨ ᠶᠡᠭᠡ ᠬᠡᠮᠵᠢᠶᠡᠨ ᠤ ᠬᠡᠪᠯᠡᠯ ᠳᠡᠪᠲᠡᠷ ᠨᠢ ᠲᠤᠤᠯᠢ ᠶᠢᠨ ᠤᠯᠠᠮᠵᠢᠯᠠᠯ ᠢ ᠣᠷᠣᠨ ᠪᠦᠰᠡ ᠶᠢᠨ ᠴᠢᠨᠠᠷᠲᠠᠢ ᠰᠣᠶᠣᠯ ᠪᠠᠢᠭᠰᠠᠨ ᠠᠴᠠ ᠪᠠᠨ ᠣᠷᠣᠨ ᠪᠦᠰᠡ ᠳᠠᠪᠠᠨ ᠤᠯᠠᠮᠵᠢᠯᠠᠨ ᠳᠡᠯᠭᠡᠷᠡᠭᠦᠯᠬᠦ ᠰᠣᠶᠣᠯ ᠪᠣᠯᠭᠠᠬᠤ ᠶᠠᠪᠤᠴᠠ ᠶᠢ ᠲᠦᠷᠭᠡᠳᠬᠡᠪᠡ᠃ ᠥᠩᠭᠡᠷᠡᠭᠰᠡᠨ ᠤ 《ᠭᠡᠰᠡᠷ》 ᠨᠢ ᠲᠥᠪᠡᠳ᠂ ᠮᠣᠩᠭᠤᠯ ᠬᠡᠯᠡ ᠪᠠᠷ ᠪᠢᠴᠢᠭᠳᠡᠭᠰᠡᠨ ᠶᠤᠮ᠃ ᠪᠤᠰᠤᠳ ᠦᠨᠳᠦᠰᠦᠲᠡᠨ ᠤ ᠳᠣᠲᠣᠷ᠎ᠠ ᠪᠠᠰᠠ《ᠭᠡᠰᠡᠷ》ᠪᠠᠢᠳᠠᠭ ᠪᠣᠯᠪᠠ ᠴᠦ᠍᠍ ᠣᠯᠠᠩᠬᠢ ᠨᠢ ᠪᠦᠷ ᠲᠥᠪᠡᠳ ᠦᠰᠦᠭ ᠤᠨ ᠪᠠᠢᠵᠤ᠂ ᠥᠪᠡᠷ ᠤᠨ ᠢᠶᠠᠨ ᠭᠡᠰᠡᠨ ᠦᠰᠦᠭ ᠪᠢᠴᠢᠭ ᠢᠶᠠᠷ ᠲᠡᠮᠳᠡᠭᠯᠡᠭᠳᠡᠭᠰᠡᠨ ᠪᠢᠴᠢᠭ ᠲᠡᠮᠳᠡᠭᠯᠡᠯ ᠶᠡᠷᠦ ᠨᠢ ᠪᠠᠢᠬᠤ ᠦᠭᠡᠢ ᠪᠠᠢᠵᠠᠢ᠃ 1983 ᠣᠨ ᠠᠴᠠ 2007 ᠣᠨ ᠬᠦᠷᠲᠡᠯᠡᠬᠢ ᠬᠤᠭᠤᠴᠠᠭᠠᠨ ᠳᠤ᠂ ᠪᠢᠳᠡ ᠮᠠᠰᠢ ᠣᠯᠠᠨ 《ᠭᠡᠰᠡᠷ》 ᠢ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠣᠷᠴᠢᠭᠤᠯᠤᠭᠰᠠᠨ ᠶᠠᠪᠤᠳᠠᠯ ᠨᠢ᠂ ᠲᠡᠭᠦᠨ ᠢ ᠤᠩᠰᠢᠨ ᠰᠣᠨᠢᠷᠬᠠᠭᠴᠢᠳ ᠤᠨ ᠬᠦᠷᠢᠶ᠎ᠡ ᠬᠡᠪᠴᠢᠶ᠎ᠡ ᠶᠢ ᠨᠠᠩ ᠥᠷᠭᠡᠨ ᠨᠠᠩ ᠤᠯᠠᠨ ᠪᠣᠯᠭᠠᠨ ᠳᠡᠯᠭᠡᠷᠡᠭᠦᠯᠵᠦ ᠥᠷᠭᠡᠵᠢᠭᠦᠯᠦᠭᠰᠡᠨ ᠶᠤᠮ᠃ ᠣᠳᠣ ᠪᠢᠳᠠ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ ᠤᠨ ᠬᠡᠪᠯᠡᠯ ᠤᠨ ᠳᠡᠪᠲᠡᠷ ᠲᠠᠢ ᠪᠣᠯᠤᠭᠰᠠᠨ ᠠᠴᠠ᠂ ᠳᠤᠷ᠎ᠠ ᠰᠣᠨᠢᠷᠬᠠᠯ ᠲᠠᠢ ᠯᠠ ᠶᠤᠮ ᠪᠣᠯ ᠪᠤᠰᠤᠳ ᠦᠨᠳᠦᠰᠦᠲᠡᠨ ᠤ ᠬᠡᠨ ᠠᠯᠢᠨ ᠴᠦ᠍ ᠭᠡᠰᠡᠨ ᠦᠭᠡᠢ ᠪᠦᠭᠦᠳᠡᠭᠡᠷ ᠢᠶᠠᠨ ᠪᠦᠷ ᠤᠩᠰᠢᠨ ᠰᠣᠨᠢᠷᠬᠠᠵᠤ ᠪᠣᠯᠤᠨ᠎ᠠ᠃ ᠢᠩᠭᠢᠭᠰᠡᠨ ᠠᠴᠠ ᠪᠢᠳᠡ ᠪᠥᠬᠦ ᠠᠷᠠᠳ ᠢᠶᠠᠷ ᠢᠶᠠᠨ ᠬᠠᠮᠲᠤ ᠪᠠᠷ ᠡᠳ᠋ᠯᠡᠵᠦ ᠬᠠᠮᠲᠤ ᠪᠠᠷ ᠤᠯᠠᠮᠵᠢᠯᠠᠨ ᠳᠡᠯᠭᠡᠷᠡᠭᠦᠯᠬᠦ ᠮᠠᠰᠢ ᠴᠢᠬᠤᠯᠠ ᠠᠷᠭ᠎ᠠ ᠵᠠᠮ ᠲᠠᠢ ᠪᠣᠯᠵᠠᠢ᠃
ᠣᠨᠴᠠᠭᠠᠢᠯᠠᠨ 1989 ᠣᠨ ᠤ 10 ᠳ᠋ᠤᠭᠠᠷ ᠰᠠᠷ᠎ᠠ ᠳᠤ᠂ ᠪᠢᠳᠡ ᠲᠥᠪᠡᠳ ᠬᠢᠲᠠᠳ ᠬᠤᠶᠠᠷ ᠬᠡᠯᠡ ᠪᠠᠷ ᠲᠠᠢᠯᠪᠤᠷᠢᠯᠠᠭᠰᠠᠨ《ᠭᠡᠰᠡᠷ ᠤᠨ ᠲᠣᠯᠢ》ᠶ᠋ᠢ ᠬᠡᠪᠯᠡᠭᠦᠯᠪᠡ᠃ 《ᠭᠡᠰᠡᠷ》 ᠤᠨ ᠳᠣᠲᠣᠷ᠎ᠠ ᠮᠠᠰᠢ ᠣᠯᠠᠨ ᠬᠥᠮᠦᠨ ᠤ ᠨᠡᠷ᠎ᠡ᠂ ᠭᠠᠵᠠᠷ ᠤᠨ ᠨᠡᠷ᠎ᠡ ᠵᠢᠴᠢ ᠡᠯᠳᠡᠪ ᠵᠦᠢᠯ ᠤᠨ ᠲᠤᠰᠬᠠᠢ ᠦᠭᠡᠰ ᠪᠠᠢᠳᠠᠭ᠂ ᠪᠢᠳᠡ ᠲᠡᠭᠦᠨ ᠢ ᠬᠡᠷᠬᠢᠨ ᠲᠠᠨᠢᠬᠤ ᠪᠣᠢ ᠭᠡᠳᠡᠭ ᠲᠤ ᠲᠥᠪᠡᠳ ᠬᠢᠲᠠᠳ ᠬᠤᠣᠰ ᠬᠡᠯᠡᠨ ᠤ ᠲᠣᠯᠢ ᠪᠢᠴᠢᠭ ᠦᠨᠳᠦᠰᠦ ᠪᠠᠷᠢᠮᠲᠠ ᠬᠠᠩᠭᠠᠨ ᠥᠭᠪᠡ᠃ ᠵᠢᠱ᠌ᠢᠶᠡᠯᠡᠪᠡᠯ᠄ ᠭᠡᠰᠡᠷ ᠤᠨ ᠤᠯᠠᠮᠵᠢᠯᠠᠯ ᠳᠤ ᠭᠡᠰᠡᠷ ᠤᠨ ᠬᠠᠲᠤᠨ ᠤ ᠨᠡᠷ᠎ᠡ ᠶᠢ ᠬᠡᠷᠬᠢᠨ ᠳᠠᠭᠤᠳᠠᠬᠤ ᠲᠤᠬᠠᠢ᠂ ᠲᠡᠭᠦᠨ ᠤ ᠨᠡᠷ᠎ᠡ ᠶᠢᠨ ᠲᠥᠪᠡᠳ ᠳᠠᠭᠤᠳᠠᠯᠭ᠎ᠠ ᠨᠢ ᠷᠤᠭᠮᠤ ᠪᠣᠯᠣᠨ᠎ᠠ ᠭᠡᠳᠡᠭ ᠢ ᠡᠨᠡ ᠬᠦ ᠲᠥᠪᠡᠳ ᠬᠢᠳᠠᠳ ᠬᠠᠷᠢᠴᠠᠭᠤᠯᠤᠭᠰᠠᠨ ᠲᠣᠯᠢ ᠪᠢᠴᠢᠭ ᠠᠴᠠ ᠣᠨᠣᠪᠴᠢᠲᠠᠢ ᠮᠡᠳᠡᠵᠦ ᠪᠣᠯᠤᠨ᠎ᠠ᠃ 2019 ᠣᠨ ᠪᠤᠯᠬᠤ ᠳᠤ᠂ ᠵᠠᠮᠪᠠᠯᠵᠠᠮᠰᠤ ᠪᠠᠭᠰᠢ ᠶᠢᠨ ᠡᠷᠬᠢᠯᠡᠨ ᠨᠠᠢᠷᠠᠭᠤᠯᠤᠭᠰᠠᠨ 《ᠭᠡᠰᠡᠷ ᠤᠨ ᠶᠡᠭᠡ ᠲᠣᠯᠢ》ᠬᠡᠪᠯᠡᠭᠳᠡᠵᠡᠢ᠃ ᠡᠨᠡ ᠳᠤᠯᠢ ᠨᠢ ᠡᠷᠲᠡ ᠦᠶ᠎ᠡ ᠳᠤ ᠮᠠᠨ ᠤ ᠴᠦ᠍ᠭᠯᠠᠭᠤᠯᠤᠭᠰᠠᠨ 《ᠭᠡᠰᠡᠷ》 ᠤᠨ ᠲᠤᠬᠠᠢ ᠪᠢᠴᠢᠭ ᠬᠠᠷ᠎ᠠ ᠬᠤᠮᠰᠠ ᠳᠤᠲᠠᠭᠤ ᠪᠠᠢᠭᠰᠠᠨ ᠳᠤᠲᠠᠭᠳᠠᠯ ᠢ ᠨᠥᠬᠦᠪᠦᠷᠢᠯᠡᠵᠦ᠂ ᠶᠡᠭᠡ ᠣᠯᠠᠨ ᠦᠭᠡ ᠦᠭᠡᠰ ᠢ ᠰᠢᠨ᠎ᠡ ᠪᠠᠷ ᠨᠡᠮᠡᠵᠦ ᠣᠷᠣᠭᠤᠯᠤᠭᠰᠠᠨ ᠪᠠᠢᠪᠠ᠃ ᠡᠨᠡ ᠨᠢ ᠮᠠᠨ ᠤ ᠣᠷᠴᠢᠭᠤᠯᠭ᠎ᠠ ᠶᠢᠨ ᠠᠵᠢᠯ ᠳᠤ ᠳᠦᠷᠢᠮᠯᠡᠬᠦ᠋ᠢᠴᠡ ᠬᠡᠪ ᠵᠠᠷᠴᠢᠮ ᠪᠣᠯᠣᠭᠰᠠᠨ ᠪᠢᠯᠡ᠃
2012 ᠣᠨ ᠳᠤ᠂ ᠬᠥᠬᠡᠨᠠᠭᠤᠷ ᠮᠣᠵᠢ ᠶᠢᠨ 《ᠭᠡᠰᠡᠷ》 ᠤᠨ ᠲᠤᠤᠯᠢ ᠰᠤᠳᠤᠯᠬᠤ ᠭᠠᠵᠠᠷ ᠠᠴᠠ ᠡᠷᠬᠢᠯᠡᠨ ᠭᠦᠢᠴᠡᠳᠬᠡᠭᠰᠡᠨ 《ᠭᠡᠰᠡᠷ ᠸᠠᠩ ᠤᠨ ᠲᠤᠭᠤᠵᠢ》 ᠶᠢᠨ ᠬᠢᠲᠠᠳ ᠣᠷᠴᠢᠭᠤᠯᠭ᠎ᠠ ᠶᠢᠨ ᠴᠦ᠍ᠪᠤᠷᠠᠯ ᠪᠢᠴᠢᠭ ᠨᠢ ᠨᠡᠢᠲᠡ 8 ᠪᠣᠳᠢ 200 ᠭᠠᠷᠤᠢ ᠲᠦᠮᠡᠨ ᠥᠰᠥᠭ ᠲᠠᠢ ᠪᠠᠢᠵᠤ᠂ ᠭᠡᠰᠡᠷ ᠸᠠᠩ ᠤᠨ ᠲᠤᠭᠤᠵᠢ ᠶᠢᠨ ᠣᠬᠢ ᠰᠣᠳᠣ ᠶᠢᠨ ᠪᠣᠯᠣᠩ ᠤᠳ ᠢ ᠢᠯᠡᠷᠡᠭᠦᠯᠦᠭᠰᠡᠨ ᠢᠶᠠᠷ᠂ 20 ᠳ᠋ᠤᠭᠠᠷ ᠵᠠᠭᠤᠨ ᠤ 50 ᠭᠠᠳ ᠣᠨ ᠠᠴᠠ ᠨᠠᠭᠠᠰᠢᠬᠢ ᠡᠷᠳᠡᠮᠲᠡᠨ ᠮᠡᠷᠭᠡᠳ ᠤᠨ ᠲᠥᠪᠡᠳ《ᠭᠡᠰᠡᠷ》 ᠠᠴᠠ ᠬᠢᠲᠠᠳᠴᠢᠯᠠᠨ ᠣᠷᠴᠢᠭᠤᠯᠤᠭᠰᠠᠨ ᠰᠢᠯᠢᠳᠡᠭ ᠪᠦᠲᠦᠭᠡᠯ ᠤᠳ ᠢ ᠴᠦ᠍ᠭᠯᠠᠭᠤᠯᠤᠨ ᠣᠷᠣᠭᠤᠯᠵᠠᠢ᠃
ᠲᠥᠪ ᠤᠨ ᠤᠬᠠᠭᠤᠯᠬᠤ ᠬᠡᠯᠲᠡᠰ ᠤᠨ 《ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠨ ᠬᠥᠭᠵᠢᠭᠦᠯᠬᠦ ᠢᠨᠵᠧᠨᠧᠷᠢᠩ ᠤᠨ<ᠠᠷᠪᠠᠨ ᠳᠥᠷᠪᠡᠳᠦᠭᠡᠷ ᠲᠠᠪᠤᠨ> ᠵᠢᠯ ᠤᠨ ᠭᠤᠣᠯᠳᠠᠯᠭᠠᠲᠤ ᠲᠥᠷᠥᠯ ᠵᠦᠢᠯ ᠤᠨ ᠲᠥᠯᠥᠪᠵᠢᠭᠦᠯᠭᠡ》 ᠳᠤ᠂ 《ᠳᠤᠮᠳᠠᠳᠤ ᠤᠯᠤᠰ ᠤᠨ ᠠᠮᠠᠨ ᠵᠣᠬᠢᠶᠠᠯ ᠤᠨ ᠪᠦᠷᠢᠨ ᠰᠢᠯᠢᠮᠡᠯ ᠢ ᠬᠡᠪᠯᠡᠭᠦᠯᠬᠦ ᠢᠨᠵᠧᠨᠧᠷᠢᠩ》 ᠢ ᠳᠤᠷᠠᠳᠤᠨ ᠭᠠᠷᠭᠠᠪᠠ᠃ ᠡᠨᠡ ᠨᠢ ᠳᠤᠮᠳᠠᠳᠤ ᠤᠯᠤᠰ ᠤᠨ ᠠᠮᠠᠨ ᠵᠣᠬᠢᠶᠠᠯ ᠤᠨ ᠰᠣᠳᠣᠨ ᠪᠦᠲᠦᠭᠡᠯ ᠢ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠬᠡᠪᠯᠡᠭᠦᠯᠦᠨ ᠭᠠᠷᠭᠠᠭᠠᠳ᠂ ᠲᠡᠭᠦᠨ ᠢ ᠤᠯᠠᠮᠵᠢᠯᠠᠨ ᠵᠠᠯᠭᠠᠮᠵᠢᠯᠠᠭᠤᠯᠬᠤ ᠪᠠ ᠬᠥᠭᠵᠢᠭᠦᠯᠦᠨ ᠪᠠᠳᠠᠷᠠᠭᠤᠯᠬᠤ ᠵᠣᠷᠢᠯᠭ᠎ᠠ ᠳᠤ ᠬᠦᠷᠭᠡᠬᠦ ᠭᠡᠰᠡᠨ ᠶᠠᠪᠤᠳᠠᠯ ᠪᠣᠯᠤᠨ᠎ᠠ᠃ ᠡᠭᠦᠨ ᠳᠤ ᠣᠯᠠᠨ ᠮᠣᠵᠢ ᠣᠷᠣᠨ ᠤ《ᠭᠡᠰᠡᠷ》 ᠤᠨ ᠲᠤᠤᠯᠢ ᠪᠠᠭᠲᠠᠭᠳᠠᠵᠤ ᠪᠣᠢ᠃ ᠣᠢᠷ᠎ᠠ ᠳᠤ᠂ ᠬᠥᠬᠡᠨᠠᠭᠤᠷ ᠤᠨ ᠪᠣᠳᠢ ᠨᠢᠭᠡᠨᠲᠡ ᠬᠡᠪᠯᠡᠭᠳᠡᠯ᠎ᠡ᠃ ᠡᠨᠡ ᠨᠢ 《ᠭᠡᠰᠡᠷ》 ᠤᠨ ᠲᠤᠤᠯᠢ ᠵᠥᠪᠬᠡᠨ ᠪᠠᠷᠠᠭᠤᠨ ᠤᠷᠤᠨ ᠤ ᠥᠨᠳᠦᠷᠯᠢᠭ ᠭᠠᠵᠠᠷ ᠲᠤ ᠯᠠ ᠲᠠᠷᠬᠠᠨ ᠳᠡᠯᠭᠡᠷᠡᠭᠰᠡᠨ ᠬᠢᠵᠠᠭᠠᠷᠳᠠᠮᠠᠯ ᠪᠠᠢᠳᠠᠯ ᠢ ᠠᠩᠬ᠎ᠠ ᠤᠳᠠᠭ᠎ᠠ ᠳᠠᠪᠠᠭᠰᠠᠨ ᠶᠠᠪᠤᠳᠠᠯ ᠪᠣᠯᠣᠨ᠎ᠠ᠃
2020 ᠣᠨ ᠤ 6 ᠳ᠋ᠤᠭᠠᠷ ᠰᠠᠷ᠎ᠠ ᠳᠤ᠂ ᠰᠧᠴᠦ᠍ᠸᠠᠨ ᠮᠣᠵᠢ ᠲᠡᠦᠬᠡ ᠶᠢᠨ ᠠᠯᠳᠠᠷᠲᠤ ᠬᠥᠮᠦᠰ ᠤᠨ ᠬᠤᠶᠠᠳᠤᠭᠠᠷ ᠪᠦᠯᠦᠭ ᠤᠨ ᠨᠡᠷᠡᠰ ᠢ᠋ ᠨᠡᠢᠲᠡᠯᠡᠬᠦ ᠳᠤ ᠪᠠᠨ ᠭᠡᠰᠡᠷ ᠸᠠᠩ ᠢ ᠪᠠᠭᠲᠠᠭᠠᠨ ᠣᠷᠣᠭᠤᠯᠵᠠᠢ ᠃ ᠡᠨᠡ ᠨᠢ ᠲᠡᠭᠦᠨ ᠢ ᠪᠠ ᠱᠦ ᠰᠤᠶᠤᠯ ᠤᠨ ᠭᠠᠷᠮᠠᠭᠠᠢ ᠲᠥᠯᠥᠭᠡᠯᠡᠭᠴᠢ ᠪᠣᠯᠭᠠᠭᠰᠠᠨ ᠶᠠᠪᠤᠳᠠᠯ ᠪᠠᠢᠵᠤ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ ᠤᠨ ᠬᠡᠪᠯᠡᠯ ᠤᠨ ᠳᠡᠪᠲᠡᠷ ᠤᠨ ᠲᠠᠷᠬᠠᠯᠲᠠ ᠪᠠᠷ ᠳᠠᠮᠵᠢᠭᠠᠳ 《ᠭᠡᠰᠡᠷ》 ᠤᠨ ᠲᠤᠤᠯᠢ ᠨᠢ ᠪᠠ ᠱᠦ ᠭᠠᠵᠠᠷ ᠤᠨ ᠠᠷᠠᠳ ᠲᠦᠮᠡᠨ ᠤ ᠳᠤᠮᠳᠠ ᠨᠡᠩ ᠦᠷᠭᠡᠨ ᠬᠡᠪᠴᠢᠶᠡᠨ ᠳᠤ ᠮᠡᠳᠡᠷᠡᠭᠳᠡᠭᠰᠡᠨ ᠢ ᠬᠠᠷᠠᠭᠤᠯᠵᠤ ᠪᠠᠢᠭ᠎ᠠ ᠶᠤᠮ᠃
ᠬᠤᠶᠠᠳᠤᠭᠠᠷ ᠬᠤᠪᠢᠷᠠᠯᠲᠠ ᠨᠢ ᠪᠣᠳᠠᠰ ᠤᠨ ᠪᠤᠰᠤ ᠰᠣᠶᠣᠯ ᠤᠨ ᠥᠪ ᠤᠨ ᠬᠠᠮᠠᠭᠠᠯᠠᠯᠲᠠ ᠪᠠᠷ ᠳᠠᠮᠵᠢᠭᠤᠯᠤᠨ ᠭᠡᠰᠡᠷ ᠤᠨ ᠤᠷᠠᠯᠢᠭ ᠢ ᠣᠳᠣ ᠦᠶ᠎ᠡ ᠶᠢᠨ ᠤᠷᠠᠯᠢᠭ ᠲᠠᠢ ᠤᠶᠠᠯᠳᠤᠭᠤᠯᠵᠤ᠂ ᠲᠡᠭᠦᠨ ᠤ ᠢᠯᠡᠳᠬᠡᠬᠦ ᠬᠡᠯᠪᠡᠷᠢ ᠶᠢ ᠣᠯᠠᠨ ᠶᠠᠩᠵᠤ ᠶᠢᠨ ᠪᠣᠯᠭᠠᠭᠰᠠᠨ ᠶᠠᠪᠤᠳᠠᠯ ᠪᠣᠯᠬᠤ ᠶᠤᠮ᠃
ᠨᠢᠭᠡᠳᠦᠭᠡᠷ ᠵᠦᠢᠯ ᠨᠢ ᠠᠮᠠᠨ ᠵᠣᠬᠢᠶᠠᠯ᠃ ᠪᠢᠳᠡ ᠥᠩᠭᠡᠷᠡᠭᠰᠡᠨ ᠳᠤ ᠠᠮᠠᠨ ᠵᠣᠬᠢᠶᠠᠯ ᠢ ᠬᠠᠮᠠᠭᠠᠯᠠᠬᠤ ᠳᠤ ᠪᠠᠨ ᠪᠠᠷᠤᠭ ᠪᠦᠷ ᠯᠡ ᠲᠡᠮᠳᠡᠭᠯᠡᠬᠦ ᠠᠷᠭ᠎ᠠ ᠢ᠋ ᠬᠡᠷᠡᠭᠯᠡᠳᠡᠭ ᠪᠠᠢᠵᠠᠢ᠂ ᠣᠢᠷ᠎ᠠ ᠶᠢᠨ ᠵᠢᠯ ᠤᠳ ᠲᠤ᠂ ᠭᠡᠰᠡᠷ ᠢᠶᠠᠷ ᠰᠡᠳᠦᠪᠯᠡᠭᠰᠡᠨ ᠤᠷᠠᠨ ᠵᠣᠬᠢᠶᠠᠯ ᠪᠢᠴᠢᠭᠳᠡᠵᠦ ᠮᠠᠰᠢ ᠶᠡᠭᠡ ᠦᠷ᠎ᠡ ᠪᠦᠲᠦᠮᠵᠢ ᠣᠯᠵᠤ ᠪᠠᠢᠨ᠎ᠠ᠃ ᠲᠥᠯᠦᠭᠡᠯᠡᠬᠦ ᠪᠥᠳᠦᠭᠡᠯ ᠨᠢ ᠠᠯᠠᠢ ᠶᠢᠨ 《ᠭᠡᠰᠡᠷ ᠸᠠᠩ》 ᠪᠤᠯᠤᠨ ᠰᠡᠷᠡᠩᠨᠣᠷᠪᠤ ᠶᠢᠨ 《ᠣᠩᠭᠤᠳ ᠣᠷᠣᠰᠢᠬᠤᠢ》ᠬᠡᠮᠡᠬᠦ ᠲᠤᠭᠤᠵᠢᠰ ᠤᠨ ᠵᠣᠬᠢᠶᠠᠯ ᠪᠤᠯᠤᠨ᠎ᠠ᠃ ᠡᠳᠡᠭᠡᠷ ᠤᠷᠠᠨ ᠪᠦᠲᠦᠭᠡᠯ ᠨᠢ 《ᠭᠡᠰᠡᠷ》 ᠤᠨ ᠲᠤᠤᠯᠢ ᠶᠢ ᠣᠲᠣ ᠦᠶ᠎ᠡ ᠶᠢᠨ ᠤᠷᠠᠯᠢᠭ ᠲᠠᠢ ᠤᠶᠠᠯᠳᠤᠭᠤᠯᠵᠤ᠂ ᠤᠷᠠᠨ ᠵᠣᠬᠢᠶᠠᠯ ᠤᠨ ᠬᠡᠯᠡ ᠬᠡᠯᠡᠯᠭᠡ ᠪᠠᠷ 《ᠭᠡᠰᠡᠷ》 ᠤᠨ ᠲᠤᠤᠯᠢ ᠶᠢᠨ ᠥᠷᠲᠡᠭ ᠤᠨ ᠦᠵᠡᠯᠲᠡ ᠪᠠ ᠤᠷᠠᠯᠢᠭ ᠤᠨ ᠭᠤᠸ᠎ᠠ ᠰᠠᠢᠬᠠᠨ ᠢ ᠲᠣᠭᠠᠴᠢᠨ ᠬᠦᠦᠷᠨᠢᠭᠰᠡᠨ ᠳᠤ ᠪᠤᠢ᠃
ᠬᠤᠶᠠᠳᠤᠭᠠᠷ ᠵᠦᠢᠯ ᠨᠢ ᠭᠡᠰᠡᠷ ᠢᠶᠠᠷ ᠰᠡᠳᠦᠪᠯᠡᠭᠰᠡᠨ ᠲᠠᠩᠺᠠ ᠵᠢᠷᠤᠭ ᠤᠨ ᠤᠷ᠎ᠠ ᠮᠡᠷᠭᠡᠵᠢᠯ ᠪᠠ ᠴᠢᠯᠠᠭᠤᠨ ᠰᠡᠢᠯᠦᠮᠡᠯ ᠤᠨ ᠤᠷ᠎ᠠ ᠮᠡᠷᠭᠡᠵᠢᠯ ᠨᠢ ᠭᠡᠰᠡᠷ ᠤᠨ ᠬᠦᠷᠦᠭ ᠵᠢᠷᠤᠭᠲᠤ ᠤᠷᠠᠯᠢᠭ ᠤᠨ ᠣᠯᠠᠨ ᠨᠡᠢᠲᠡ ᠳᠤ ᠲᠠᠷᠬᠠᠨ ᠳᠡᠯᠭᠡᠷᠡᠬᠦ ᠶᠢ ᠠᠬᠢᠭᠤᠯᠤᠭᠰᠠᠨ ᠶᠤᠮ᠃ ᠣᠳᠣᠬᠢ ᠶᠢᠨ ᠨᠡᠢᠭᠡᠮ ᠪᠣᠯ 《ᠵᠢᠷᠤᠭᠴᠢᠯᠠᠬᠤ ᠴᠠᠭ ᠡᠷᠡᠨ》 ᠶᠤᠮ᠂ ᠵᠢᠷᠤᠭ ᠳᠦᠷᠰᠦ ᠨᠢ ᠣᠯᠠᠨ ᠨᠡᠢᠲᠡ ᠳᠠᠬᠢ ᠲᠠᠷᠬᠠᠯᠲᠠ ᠨᠡᠪᠲᠡᠷᠡᠯᠲᠡ ᠳᠤ ᠥᠪᠡᠷᠮᠢᠴᠡ ᠳᠠᠪᠠᠭᠤᠯᠢᠭ ᠲᠠᠯ᠎ᠠ ᠲᠠᠢ ᠪᠠᠢᠳᠠᠭ᠃《ᠭᠡᠰᠡᠷ》 ᠤᠨ ᠲᠤᠤᠯᠢ ᠨᠢ ᠠᠯᠢ ᠬᠡᠳᠦᠢᠨ ᠠᠴᠠ ᠪᠠᠨ ᠡᠯᠪᠡᠭ ᠪᠠᠶᠠᠯᠢᠭ ᠵᠢᠷᠤᠭ ᠲᠥᠷᠰᠦ ᠶᠢᠨ ᠢᠯᠡᠳᠬᠡᠪᠦᠷᠢ ᠲᠠᠢ ᠪᠠᠢᠳᠠᠭ᠂ ᠵᠢᠷᠤᠭ ᠳᠦᠷᠰᠦ ᠪᠦᠲᠦᠭᠡᠬᠦ ᠨᠢ ᠲᠡᠭᠦᠨ ᠤ᠋ ᠤᠯᠠᠨ ᠨᠡᠢᠲᠡ ᠶᠢᠨ ᠳᠤᠮᠳᠠ ᠲᠠᠷᠬᠠᠨ ᠨᠡᠪᠲᠡᠷᠡᠬᠦ ᠨᠢ ᠲᠥᠬᠦᠭᠰᠡᠨ ᠳᠡᠮᠵᠢᠯᠭᠡ ᠪᠣᠯᠣᠭᠰᠠᠨ ᠪᠠᠢᠳᠠᠭ᠃ ᠡᠢᠮᠤᠷᠬᠦᠦ ᠵᠢᠷᠤᠭ ᠳᠦᠷᠰᠦ ᠶᠢ ᠬᠤᠶᠠᠷ ᠲᠥᠷᠥᠯ ᠳᠤ ᠬᠤᠪᠢᠶᠠᠵᠤ ᠪᠣᠯᠤᠨ᠎ᠠ᠄ ᠨᠢᠭᠡ ᠨᠢ ᠬᠦᠦᠷᠨᠢᠯ ᠤᠨ ᠲᠥᠷᠥᠯ ᠤᠨ ᠵᠢᠷᠤᠭ ᠳᠦᠷᠰᠦ᠂ ᠡᠨᠡ ᠨᠢ ᠭᠤᠣᠯᠳᠠᠭᠤ ᠭᠡᠰᠡᠷ ᠤᠨ ᠨᠢᠭᠡ ᠨᠠᠰᠤ ᠪᠠ ᠲᠤᠤᠯᠢ ᠶᠢᠨ ᠦᠯᠢᠭᠡᠷ ᠦᠢᠯᠡ ᠶᠠᠪᠤᠳᠠᠯ ᠤᠨ ᠵᠢᠷᠤᠭ ᠂ ᠨᠥᠭᠦᠭᠡ ᠨᠢ ᠬᠥᠷᠥᠭ ᠵᠢᠷᠤᠭ ᠤᠨ ᠲᠥᠷᠥᠯ ᠤᠨ ᠵᠢᠷᠤᠭ ᠳᠦᠷᠰᠦ᠂ ᠭᠤᠣᠯᠳᠠᠭᠤ 《ᠭᠡᠰᠡᠷ》 ᠤᠨ ᠲᠤᠤᠯᠢ ᠶᠢᠨ ᠭᠣᠣᠯ ᠪᠠᠭᠠᠲᠤᠷ ᠤᠨ ᠵᠢᠷᠤᠭ ᠪᠣᠯᠤᠨ᠎ᠠ᠃
ᠰᠧᠴᠦ᠍ᠸᠠᠨ ᠤ ᠮᠦᠽᠧᠢ ᠳᠤ ᠲᠠᠩᠺᠠ ᠵᠢᠷᠤᠭ 11 ᠪᠣᠢ᠂ ᠡᠨᠡ ᠨᠢ ᠭᠡᠰᠡᠷ ᠤᠨ ᠨᠢᠭᠡ ᠨᠠᠰᠤᠨ ᠤ ᠠᠮᠢᠳᠤᠷᠠᠯ ᠠᠬᠤᠢ ᠶᠢ ᠵᠢᠷᠤᠭᠯᠠᠭᠰᠠᠨ ᠤᠯᠤᠰ ᠤᠨ ᠳᠣᠲᠣᠭᠠᠳᠤ ᠳᠠᠬᠢ ᠴᠣᠷᠢ ᠶᠢᠨ ᠭᠠᠭᠴᠠ ᠨᠢᠭᠡᠨ ᠢᠵᠢ ᠥᠩᠭᠡᠷᠡᠭᠰᠡᠨ ᠴᠠᠭ ᠤᠨ ᠳᠠᠩᠺᠠ ᠵᠢᠷᠤᠭ ᠪᠣᠯᠤᠨ᠎ᠠ᠃ 20 ᠳ᠋ᠤᠭᠠᠷ ᠵᠠᠭᠤᠨ ᠤ ᠶᠡᠷᠡᠭᠡᠳ ᠣᠨ ᠳᠤ᠂ ᠭᠠᠷᠽᠸᠢ ᠵᠧᠦ ᠶᠢᠨ ᠭᠠᠷᠮ᠎ᠠ ᠭᠠᠷᠽᠢ ᠪᠦᠯᠦᠭ ᠤᠨ ᠳᠠᠩᠺᠠ ᠵᠢᠷᠤᠭ ᠤᠨ ᠵᠢᠷᠤᠭᠠᠴᠢᠳ᠂ ᠠᠷᠪᠠᠨ ᠬᠡᠳᠦᠨ ᠵᠢᠯ ᠤᠨ ᠴᠠᠭ ᠵᠠᠷᠤᠴᠠᠭᠤᠯᠤᠨ 《ᠭᠡᠰᠡᠷ ᠤᠨ ᠮᠢᠩᠭᠠᠨ ᠳᠠᠩᠺᠠ ᠵᠢᠷᠤᠭ》 ᠢ ᠤᠷᠠᠯᠠᠨ ᠪᠦᠲᠦᠭᠡᠵᠡᠢ᠃ ᠲᠡᠭᠦᠨ ᠳᠤ ᠪᠠᠨ ᠲᠥᠪᠡᠳ ᠦᠨᠳᠦᠰᠦᠲᠡᠨ ᠤ ᠤᠯᠠᠮᠵᠢᠯᠠᠯᠲᠤ ᠵᠢᠷᠤᠭ ᠤᠨ ᠠᠷᠭ᠎ᠠ ᠪᠠᠷ 《ᠭᠡᠰᠡᠷ ᠸᠠᠩ ᠤᠨ ᠲᠤᠭᠤᠵᠢ》 ᠶᠢᠨ 70 ᠭᠠᠷᠤᠢ ᠪᠦᠯᠦᠭ ᠢ 1288 ᠳᠠᠩᠺᠠ ᠵᠢᠷᠤᠭ ᠪᠣᠯᠭᠠᠨ ᠵᠢᠷᠤᠵᠤ᠂ 《ᠭᠡᠰᠡᠷ ᠸᠠᠩ ᠤᠨ ᠲᠤᠭᠤᠵᠢ》 ᠳᠠᠬᠢ 200 ᠭᠠᠷᠤᠢ ᠪᠠᠭᠠᠲᠤᠷ ᠤᠨ ᠳᠦᠷᠢ᠂ ᠲᠡᠦᠬᠡ ᠶᠢᠨ ᠠᠬᠤᠢ ᠲᠠᠯᠠᠪᠠᠢ ᠶᠢ ᠳᠦᠷᠰᠦᠯᠢᠭ ᠢᠶᠠᠷ ᠵᠢᠷᠤᠵᠤ ᠢᠯᠡᠳᠬᠡᠭᠰᠡᠨ ᠪᠠᠢᠳᠠᠭ᠃ 2008 ᠣᠨ ᠤ 7 ᠳ᠋ᠤᠭᠠᠷ ᠰᠠᠷ᠎ᠠ ᠶᠢᠨ 30 ᠤ ᠡᠳᠦᠷ᠂ 《ᠭᠡᠰᠡᠷ ᠤᠨ ᠮᠢᠩᠭᠠᠨ ᠳᠠᠩᠺᠠ ᠵᠢᠷᠤᠭ》 ᠨᠢ ᠪᠡᠭᠡᠵᠢᠩ ᠤᠨ ᠣᠯᠢᠮᠫᠢᠺ ᠤᠨ ᠲᠠᠮᠢᠷ ᠤᠨ ᠤᠷᠤᠯᠳᠤᠭᠠᠨ ᠤ ᠬᠤᠭᠤᠴᠠᠭᠠᠨ ᠳᠠᠬᠢ ᠦᠵᠡᠭᠦᠯᠭᠡ ᠶᠢᠨ ᠴᠢᠬᠤᠯᠠ ᠨᠢᠭᠡᠨ ᠠᠭᠤᠯᠭ᠎ᠠ ᠪᠣᠯᠭᠠᠵᠤ ᠪᠡᠭᠡᠵᠢᠩ ᠤᠨ ᠦᠨᠳᠦᠰᠦᠲᠡᠨ ᠤ ᠰᠣᠶᠣᠯ ᠤᠨ ᠣᠷᠳᠣᠨ ᠳᠤ ᠳᠡᠯᠭᠡᠨ ᠦᠵᠡᠭᠦᠯᠦᠭᠡᠳ ᠨᠡᠢᠭᠡᠮ ᠨᠡᠢᠲᠡ ᠶᠢᠨ ᠠᠩᠬᠠᠷᠤᠯ ᠢ ᠬᠦ ᠴᠦ᠍ᠲᠡᠢ ᠲᠠᠲᠠᠭᠰᠠᠨ ᠶᠤᠮ᠃ ᠡᠭᠦᠨ ᠠᠴᠠ ᠭᠠᠳᠠᠨ᠎ᠠ᠂ ᠰᠧᠴᠦ᠍ᠸᠠᠨ ᠮᠣᠵᠢ ᠶᠢᠨ ᠭᠠᠷᠽᠸᠢ ᠵᠧᠦ ᠪᠠᠰᠠ ᠷᠤᠩᠪᠷᠠᠭ ᠰᠢᠶᠠᠨ ᠳᠤ ᠮᠠᠬ᠎ᠠ ᠷᠤᠩᠼᠤᠤ ᠭᠡᠰᠡᠷ ᠤᠨ ᠴᠢᠯᠠᠭᠤᠨ ᠰᠡᠢᠯᠦᠮᠡᠯ ᠪᠠ ᠰᠧᠷ ᠱᠦᠯ ᠰᠢᠶᠠᠨ ᠳᠤ ᠰᠠᠩ ᠤᠨ ᠮᠠᠨᠢ ᠶᠢᠨ ᠴᠠᠢᠵᠠ ᠶᠢ ᠲᠣᠰ ᠲᠣᠰ ᠢᠯᠡᠷᠡᠭᠦᠯᠦᠭᠰᠡᠨ ᠪᠠᠢᠳᠠᠭ᠃ ᠲᠡᠭᠦᠨ ᠤ ᠳᠣᠲᠣᠷ᠎ᠠ ᠠᠴᠠ ᠥᠩᠭᠡ ᠪᠣᠳᠤᠭ ᠰᠣᠷᠭᠤᠭ ᠰᠠᠢᠬᠠᠨ᠂ᠠᠭᠤᠯᠭ᠎ᠠ ᠬᠡᠯᠪᠡᠷᠢ ᠡᠯᠪᠡᠭ ᠪᠠᠶᠠᠯᠢᠭ ᠭᠡᠰᠡᠷ ᠤᠨ ᠴᠢᠯᠠᠭᠤᠨ ᠰᠡᠢᠯᠦᠮᠡᠯ ᠤᠨ ᠵᠢᠷᠤᠭ ᠳᠦᠷᠰᠦ ᠶᠢ ᠶᠡᠭᠡ ᠣᠯᠠᠨ ᠡᠮᠬᠢᠯᠡᠨ ᠭᠠᠷᠭᠠᠭᠰᠠᠨ ᠪᠠᠶᠢᠪᠠ᠃
ᠭᠤᠷᠪᠠᠳᠤᠭᠠᠷ ᠲᠤ᠂ ᠲᠡᠩᠺᠠ ᠵᠢᠷᠤᠭ ᠪᠠ ᠴᠢᠯᠠᠭᠤᠨ ᠰᠡᠢᠯᠦᠮᠡᠯ ᠤᠨ ᠵᠢᠷᠤᠭ ᠳᠦᠷᠰᠦ ᠶᠢᠨ ᠬᠤᠷᠠᠮᠳᠤᠭᠤᠯᠤᠯ ᠨᠢ ᠭᠡᠰᠡᠷ ᠤᠨ ᠺᠠᠷᠲ᠋ᠣᠨ ᠵᠢᠷᠤᠭ ᠤᠨ ᠵᠣᠬᠢᠶᠠᠨ ᠪᠦᠲᠦᠭᠡᠯᠭᠡ ᠶᠢ ᠤᠯᠠᠮ ᠨᠢᠭᠡ ᠠᠯᠬᠤᠮ ᠠᠬᠢᠭᠤᠯᠤᠭᠰᠠᠨ ᠪᠢᠯᠡ᠃ ᠺᠠᠷᠲ᠋ᠣᠨ ᠵᠢᠷᠤᠭ ᠪᠣᠯ ᠵᠠᠪᠠᠯ ᠬᠥᠮᠦᠨ ᠪᠠ ᠦᠵᠡᠭᠳᠡᠯ ᠢ ᠵᠢᠷᠤᠭᠰᠠᠨ ᠪᠠᠢᠬᠤ ᠬᠡᠷᠡᠭᠲᠡᠢ᠃ ᠲᠡᠭᠡᠪᠡᠯ ᠭᠡᠰᠡᠷ ᠴᠣᠬᠤᠮ ᠶᠠᠮᠠᠷᠬᠠᠨ ᠳᠦᠷᠢ ᠲᠥᠷᠬᠦ ᠲᠠᠢ ᠪᠣᠢ? ᠲᠡᠭᠦᠨ ᠤ ᠲᠡᠦᠬᠡ ᠶᠢᠨ ᠠᠷᠤ ᠦᠵᠡᠭᠳᠡᠯ ᠨᠢ ᠴᠣᠬᠤᠮ ᠶᠠᠮᠠᠷ ᠪᠠᠢᠳᠠᠭ ᠪᠣᠯ? ᠡᠳᠡᠭᠡᠷ ᠢ᠋ ᠲᠣᠭᠲᠠᠭᠠᠬᠤ ᠳᠤ ᠪᠦᠷ ᠯᠠ ᠳᠠᠩᠺᠠ ᠵᠢᠷᠤᠭ ᠪᠣᠯᠤᠨ ᠴᠢᠯᠠᠭᠤᠨ ᠰᠡᠢᠯᠦᠮᠡᠯ ᠤᠨ ᠤᠯᠠᠮᠵᠢᠯᠠᠯ ᠳᠤ ᠲᠦᠰᠢᠭᠯᠡᠭᠰᠡᠨ ᠪᠠᠢᠬᠤ ᠬᠡᠷᠡᠭᠲᠡᠢ᠃ ᠣᠷᠴᠢᠮ ᠠᠴᠠ ᠭᠡᠰᠡᠷ ᠤᠨ ᠺᠠᠷᠲ᠋ᠣᠨ ᠵᠢᠷᠤᠭ ᠤᠨ ᠵᠣᠬᠢᠶᠠᠨ ᠪᠦᠲᠦᠭᠡᠯᠭᠡ ᠶᠡᠬᠡᠬᠡᠨ ᠬᠥᠭᠵᠢᠶᠡᠨᠲᠡᠢ ᠪᠣᠯᠵᠤ ᠪᠠᠢᠨ᠎ᠠ᠃ 2012 ᠣᠨ ᠤ 6 ᠳ᠋ᠤᠭᠠᠷ ᠰᠠᠷ᠎ᠠ ᠳᠤ᠂ ᠬᠠᠢ ᠲᠦᠨ ᠬᠡᠪᠯᠡᠯ ᠤᠨ ᠬᠤᠷᠢᠶ᠎ᠠ ᠠᠴᠠ ᠨᠢᠭᠡ ᠢᠵᠢ ᠲᠠᠪᠤᠨ ᠳᠡᠪᠲᠡᠷ 《ᠭᠡᠰᠡᠷ ᠸᠠᠩ》 ᠤᠨ ᠺᠠᠷᠲ᠋ᠤᠨ ᠵᠢᠷᠤᠭᠲᠤ ᠳᠡᠪᠲᠡᠷ ᠢ ᠬᠡᠪᠯᠡᠭᠦᠯᠵᠦ᠂ ᠭᠡᠰᠡᠷ ᠤᠨ ᠲᠤᠤᠯᠢ ᠶᠢᠨ ᠤᠯᠠᠮᠵᠢᠯᠠᠯ ᠢ ᠵᠠᠯᠠᠭᠤ ᠪᠠᠭ᠎ᠠ ᠴᠦ᠍ᠳ ᠤᠨ ᠳᠤᠮᠳᠠ ᠲᠦᠭᠡᠮᠡᠯᠵᠢᠭᠦᠯᠬᠦ ᠶᠢ ᠠᠬᠢᠭᠤᠯᠪᠠ᠃ ᠮᠢᠨᠦ ᠣᠢᠯᠭᠠᠭᠰᠠᠨ ᠢᠶᠠᠷ᠂ ᠵᠠᠷᠢᠮ ᠪᠦᠯᠬᠦᠮ ᠨᠢᠭᠡᠴᠢ ᠨᠢ ᠪᠠᠰᠠ ᠭᠡᠰᠡᠷ ᠢᠶᠠᠷ ᠬᠡᠦᠬᠡᠯᠳᠡᠢ ᠵᠦᠴᠦᠭᠡ᠂ ᠲᠡᠷᠡᠴᠢᠯᠡᠨ ᠲᠤᠭᠯᠠᠭᠠᠮ ᠨᠠᠭᠠᠳᠤᠮ ᠵᠣᠬᠢᠶᠠᠵᠤ ᠪᠠᠢᠨ᠎ᠠ᠃ ᠬᠡᠷᠪᠡ ᠣᠯᠠᠨ ᠵᠢᠯ ᠤᠨ ᠲᠤᠷᠰᠢᠬᠢ ᠵᠢᠷᠤᠭ ᠳᠦᠷᠰᠦ ᠶᠢᠨ ᠡᠢᠮᠤᠷᠬᠦᠦ ᠬᠤᠷᠠᠮᠳᠤᠭᠤᠯᠤᠯ ᠪᠠᠢᠬᠤ ᠦᠭᠡᠢ ᠪᠣᠯ ᠰᠣᠶᠣᠯ ᠤᠨ ᠡᠨᠡ ᠬᠦ ᠣᠯᠠᠨ ᠨᠡᠢᠲᠡ ᠶᠢᠨ ᠲᠦᠭᠡᠮᠡᠯᠵᠢᠯᠡᠯᠲᠡ ᠪᠠᠢᠵᠤ ᠴᠢᠳᠠᠰᠢ ᠦᠭᠡᠢ ᠶᠤᠮ᠃
ᠡᠭᠦᠨ ᠲᠠᠢ ᠵᠡᠷᠭᠡᠴᠡᠭᠡ ᠪᠠᠷ᠂ ᠭᠡᠰᠡᠷ ᠤᠨ ᠲᠥᠪᠡᠳ ᠰᠢ ᠵᠦᠴᠦ᠍ᠭᠡ ᠴᠦ᠍ ᠤᠯᠠᠮᠵᠢᠯᠠᠯ ᠪᠠ ᠲᠠᠷᠬᠠᠯᠲᠠ ᠪᠠᠷ ᠰᠠᠢᠨ ᠪᠣᠯᠣᠭᠰᠠᠨ ᠪᠠᠢᠳᠠᠭ᠃ ᠭᠡᠰᠡᠷ ᠤᠨ ᠲᠥᠪᠡᠳ ᠰᠢ ᠵᠦᠴᠦ᠍ᠭᠡ ᠪᠣᠯ ᠭᠡᠰᠡᠷ ᠤᠨ ᠲᠤᠤᠯᠢ ᠶᠢᠨ ᠤᠯᠠᠮᠵᠢᠯᠠᠯ ᠳᠠᠬᠢ ᠴᠢᠬᠤᠯᠠ ᠪᠦᠷᠢᠯᠳᠦᠬᠦᠨ ᠬᠡᠰᠡᠭ ᠪᠣᠯᠤᠨ᠎ᠠ᠃ ᠰᠢ ᠵᠦᠴᠦᠭᠡ ᠶᠢᠨ ᠲᠤᠰᠬᠠᠢ ᠮᠡᠷᠭᠡᠵᠢᠯᠲᠡᠨ ᠤ ᠦᠵᠡᠬᠦ ᠪᠠᠷ᠂ ᠡᠨᠡ ᠨᠢ ᠥᠭᠦᠯᠡᠵᠦ ᠳᠠᠭᠤᠯᠠᠬᠤ ᠤᠷᠠᠯᠢᠭ ᠢ ᠰᠢ ᠵᠦᠴᠦ᠍ᠭᠡ ᠳᠤ ᠠᠭᠤᠰᠤᠭᠤᠯᠤᠨ ᠣᠷᠣᠭᠤᠯᠤᠭᠰᠠᠨ ᠨᠢᠭᠡ ᠵᠦᠢᠯ ᠤᠨ ᠬᠡᠯᠪᠡᠷᠢ ᠪᠣᠯᠤᠨ᠎ᠠ᠃ ᠭᠡᠰᠡᠷ ᠤᠨ ᠲᠥᠪᠡᠳ ᠰᠢ ᠵᠦᠴᠦ᠍ᠭᠡ ᠪᠣᠯ ᠤᠯᠠᠮᠵᠢᠯᠠᠯᠲᠤ ᠲᠥᠪᠡᠳ ᠰᠢ ᠵᠦᠴᠦ᠍ᠭᠡ ᠶᠢᠨ ᠨᠢᠭᠡᠨ ᠤᠷᠤᠰᠬᠠᠯ ᠪᠦᠯᠦᠭ ᠪᠠᠢᠵᠤ᠂ ᠤᠤᠯ ᠨᠢ ᠰᠦᠮ᠎ᠡ ᠬᠡᠢᠳ ᠲᠤ ᠲᠣᠭᠯᠠᠵᠤ ᠪᠠᠢᠭᠰᠠᠨ ᠪᠣᠯ ᠣᠳᠣ ᠨᠢᠭᠡᠨᠲᠡ ᠮᠣᠷᠢᠨ ᠨᠢᠷᠤᠭᠤᠨ ᠳᠡᠭᠡᠷᠡᠬᠢ ᠲᠥᠪᠡᠳ ᠰᠢ ᠵᠦᠴᠦ᠍ᠭᠡ ᠶᠢᠨ ᠰᠢᠰᠲ᠋ᠧᠮ ᠪᠣᠯᠤᠨ ᠬᠤᠪᠢᠷᠠᠵᠤ᠂ ᠠᠷᠠᠳ ᠤᠨ ᠳᠤᠮᠳᠠ ᠵᠢᠯ ᠪᠦᠷᠢ ᠲᠣᠭᠯᠠᠯᠲᠠ ᠭᠠᠷᠭᠠᠳᠠᠭ ᠪᠣᠯᠣᠭᠰᠠᠨ ᠠᠴᠠ᠂ ᠡᠨᠡ ᠬᠦ ᠲᠣᠭᠯᠠᠯᠲᠠ ᠨᠢ ᠰᠢ ᠵᠦᠴᠦ᠍ᠭᠡ ᠶᠢ ᠳᠤᠤᠯᠢ ᠶᠢᠨ ᠰᠣᠶᠣᠯ ᠢ ᠤᠯᠠᠮᠵᠢᠯᠠᠨ ᠵᠠᠯᠭᠠᠮᠵᠢᠯᠠᠬᠤ ᠴᠢᠬᠤᠯᠠ ᠠᠴᠢᠶᠠᠯᠠᠪᠤᠷᠢ ᠪᠣᠯᠭᠠᠭᠰᠠᠨ ᠶᠤᠮ᠃
ᠡᠭᠦᠨ ᠠᠴᠠ ᠭᠠᠳᠠᠨ᠎ᠠ᠂ ᠪᠠᠰᠠ ᠮᠠᠰᠢ ᠣᠯᠠᠨ ᠰᠢᠨ᠎ᠡ ᠬᠡᠯᠪᠡᠷᠢ ᠪᠠ ᠠᠴᠢᠶᠠᠯᠠᠪᠤᠷᠢ ᠲᠠᠢ ᠪᠠᠢᠳᠠᠭ᠃ ᠵᠢᠱ᠌ᠢᠶᠡᠯᠡᠪᠡᠯ᠂ ᠴᠧᠩᠳᠦ᠋ ᠴᠡᠷᠢᠭ ᠤᠨ ᠲᠣᠭᠤᠷᠢᠭ ᠤᠨ ᠵᠠᠨ ᠴᠢ ᠤᠷᠠᠨ ᠰᠠᠢᠬᠠᠨ ᠤ ᠪᠦᠯᠬᠦᠮ ᠤᠨ ᠲᠣᠭᠯᠠᠭᠰᠠᠨ ᠦᠨᠳᠦᠰᠦᠲᠡᠨ ᠤ ᠲᠤᠤᠯᠢ ᠶᠢᠨ ᠲᠣᠮᠣ ᠬᠡᠯᠪᠡᠷᠢᠲᠦ ᠪᠥᠵᠢᠭᠲᠦ ᠵᠥᠴᠦ᠍ᠭᠡ 《ᠭᠡᠰᠡᠷ ᠪᠠᠭᠠᠲᠤᠷ》 ᠪᠠ ᠤᠯᠤᠰ ᠤᠨ ᠨᠢᠭᠡᠳᠦᠭᠡᠷ ᠳᠡᠰ ᠤᠨ ᠠᠶᠠᠯᠭᠤ ᠵᠣᠬᠢᠶᠠᠭᠴᠢ ᠷᠠᠰᠢᠳᠠᠷᠵᠠ ᠶᠢᠨ ᠵᠤᠬᠢᠶᠠᠭᠰᠠᠨ ᠲᠣᠮᠣ ᠬᠡᠯᠪᠡᠷᠢ ᠶᠢᠨ ᠨᠠᠢᠷᠠᠯ ᠬᠥᠭᠵᠢᠮᠲᠦ ᠬᠠᠮᠲᠤ ᠶᠢᠨ ᠢᠵᠢ ᠳᠠᠭᠤᠤ 《ᠽᠠᠮᠪᠤᠲᠢᠪ ᠤᠨ ᠰᠠᠩ ᠲᠠᠬᠢᠯᠭ᠎ᠠ》 ᠵᠡᠷᠭᠡ ᠪᠤᠯᠤᠨ᠎ᠠ᠃ ᠡᠭᠦᠨ ᠠᠴᠠ ᠭᠠᠳᠠᠨ᠎ᠠ᠂ ᠪᠠᠰᠠ ᠮᠠᠰᠢ ᠣᠯᠠᠨ ᠤᠷᠤᠰᠬᠠᠯ ᠳᠠᠭᠤᠤ ᠨᠤᠭᠤᠳ ᠪᠣᠢ᠂ ᠵᠢᠱ᠌ᠢᠶᠡᠯᠡᠪᠡᠯ᠂ ᠶᠠᠩᠷᠦᠩᠵᠠᠯ ᠪᠤᠯᠤᠨ ᠠᠯᠤ ᠠᠷᠤᠨ ᠤ ᠳᠠᠭᠤᠤ᠃ ᠡᠳᠡᠭᠡᠷ ᠰᠢᠨ᠎ᠡ ᠰᠡᠪᠡᠭᠦᠨ ᠤᠷᠠᠯᠢᠭ ᠤᠨ ᠢᠯᠡᠳᠬᠡᠬᠦ ᠬᠡᠯᠪᠡᠷᠢ ᠭᠠᠷ ᠴᠦ᠍ ᠢᠷᠡᠬᠦ ᠶᠢ ᠳᠠᠭᠠᠯᠳᠤᠨ ᠭᠡᠰᠡᠷ ᠢ ᠤᠯᠠᠮᠵᠢᠯᠠᠨ ᠳᠡᠯᠭᠡᠷᠡᠭᠦᠯᠬᠦ ᠠᠷᠭ᠎ᠠ ᠵᠠᠮ ᠴᠦ᠍ ᠨᠠᠩ ᠣᠯᠠᠰᠢᠷᠠᠭᠰᠠᠨ ᠪᠠᠢᠳᠠᠭ᠃ ᠥᠩᠭᠡᠷᠡᠭᠰᠡᠨ ᠳᠤ 《ᠭᠡᠰᠡᠷ》 ᠢ ᠤᠩᠰᠢᠵᠤ ᠰᠣᠨᠢᠷᠬᠠᠭᠠ ᠦᠭᠡᠢ ᠬᠥᠮᠦᠨ ᠴᠦ᠍ ᠭᠡᠰᠡᠨ ᠪᠥᠵᠢᠭᠲᠦ ᠵᠦᠴᠦᠭᠡ᠂ ᠳᠠᠭᠤᠤ ᠬᠥᠭᠵᠢᠮ ᠵᠡᠷᠭᠡ ᠤᠷᠠᠯᠢᠭ ᠤᠨ ᠬᠡᠯᠪᠡᠷᠢ ᠪᠠᠷ ᠳᠡᠮᠵᠢᠨ ᠭᠡᠰᠡᠷ ᠤᠨ ᠲᠤᠬᠠᠢ ᠣᠢᠯᠠᠭᠠᠯᠲᠠ ᠲᠠᠢ ᠪᠤᠯᠵᠦ ᠪᠠᠢᠨ᠎ᠠ᠃ ᠡᠭᠦᠨ ᠤ ᠵᠡᠷᠭᠡᠴᠡᠭᠡ ᠪᠠᠷ᠂ ᠭᠡᠰᠡᠷ ᠤᠨ ᠱᠤᠭᠤᠮᠠᠯ ᠪᠠᠷᠢᠮᠠᠯ ᠪᠠᠰᠠ ᠴᠦ᠍ ᠣᠯᠠᠨ ᠠᠷᠪᠢᠨ ᠪᠠᠢᠳᠠᠭ᠃ ᠡᠭᠦᠨ ᠠᠴᠠ ᠪᠢᠳᠠ ᠤᠯᠤᠰ ᠠᠴᠠ ᠬᠠᠮᠠᠭᠠᠯᠠᠯᠲᠠ ᠶᠢᠨ ᠠᠵᠢᠯ ᠢ ᠶᠡᠭᠡ ᠪᠠᠷ ᠬᠢᠭᠰᠡᠨ ᠠᠴᠠ 《ᠭᠡᠰᠡᠷ》 ᠨᠢ ᠰᠠᠶ᠋ᠢ ᠤᠷᠤᠨ ᠪᠦᠰᠡ ᠶᠢᠨ ᠴᠢᠨᠠᠷᠲᠠᠢ ᠰᠣᠶᠣᠯ ᠪᠠᠢᠭᠰᠠᠨ ᠠᠴᠠ ᠳᠤᠮᠳᠠᠳᠦ ᠶᠢᠨ ᠦᠨᠳᠦᠰᠦᠲᠡᠨ ᠤ ᠬᠠᠮᠲᠤ ᠪᠠᠷ ᠡᠳ᠋ᠯᠡᠬᠦ ᠰᠣᠶᠣᠯ ᠪᠣᠯᠤᠨ ᠬᠤᠪᠢᠷᠠᠭᠰᠠᠨ ᠢ ᠮᠡᠳᠡᠵᠦ ᠪᠣᠯᠣᠨ᠎ᠠ᠃
ᠰᠤᠷᠪᠤᠯᠵᠢᠯᠠᠭᠴᠢ : ᠰᠣᠶᠣᠯ ᠪᠣᠯ ᠨᠢᠭᠡ ᠦᠨᠳᠦᠰᠦᠲᠡᠨ ᠤ ᠦᠶ᠎ᠡ ᠤᠯᠠᠷᠢᠨ ᠣᠷᠣᠰᠢᠨ ᠲᠣᠭᠲᠠᠨᠢᠬᠤ ᠶᠢᠨ ᠣᠶᠤᠨ ᠰᠠᠨᠠᠭᠠᠨ ᠤ ᠡᠬᠢ ᠪᠤᠯᠠᠭ ᠮᠥᠨ᠃ 《ᠭᠡᠰᠡᠷ》 ᠤᠨ ᠲᠤᠤᠯᠢ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠪᠠᠷ ᠡᠳ᠋ᠯᠡᠬᠦ ᠰᠤᠶᠤᠯ ᠪᠤᠯᠤᠭᠰᠠᠨ ᠠᠬᠤᠢ ᠪᠠᠢᠳᠠᠯ ᠨᠢ ᠴᠠᠭ ᠦᠶ᠎ᠡ ᠶᠢᠨ ᠶᠠᠮᠠᠷ ᠦᠨ᠎ᠡ ᠥᠷᠲᠡᠭ ᠲᠠᠢ ᠪᠣᠯ?
ᠯᠢ ᠵᠢᠨ :《ᠭᠡᠰᠡᠷ》 ᠤᠨ ᠲᠤᠤᠯᠢ ᠶᠢᠨ ᠤᠳᠤ ᠴᠠᠭ ᠦᠶ᠎ᠡ ᠶᠢᠨ ᠦᠨ᠎ᠡ ᠥᠷᠲᠡᠭ ᠨᠢ ᠭᠡᠪᠡᠯ᠂ ᠲᠡᠷᠡ ᠨᠢ ᠨᠡᠢᠭᠡᠮ ᠵᠢᠷᠤᠮ ᠤᠨ ᠭᠤᠣᠯᠯᠠᠭᠴᠢ ᠥᠷᠲᠡᠭ ᠤᠨ ᠦᠵᠡᠯᠲᠡ ᠲᠠᠢ ᠶᠠᠪ ᠴᠠᠪ ᠲᠣᠬᠢᠷᠠᠯᠴᠠᠭᠰᠠᠨ ᠰᠢᠯᠢᠳᠡᠭ ᠤᠯᠠᠮᠵᠢᠯᠠᠯᠲᠤ ᠰᠣᠶᠣᠯ ᠪᠣᠯᠬᠤ ᠳᠤ ᠪᠠᠨ ᠪᠠᠢᠬᠤ ᠶᠤᠮ᠃ ᠥᠩᠭᠡᠷᠡᠭᠰᠡᠨ ᠳᠤ᠂ ᠲᠡᠷᠡ ᠨᠢ ᠦᠨᠳᠦᠰᠦᠲᠡᠨ ᠤ ᠬᠢᠵᠠᠭᠠᠷ ᠢ ᠳᠠᠪᠠᠵᠤ ᠤᠯᠠᠮᠵᠢᠯᠠᠭᠳᠠᠨ ᠲᠠᠷᠬᠠᠭᠰᠠᠨ ᠤ ᠴᠢᠬᠤᠯᠠ ᠰᠢᠯᠲᠠᠭᠠᠨ ᠪᠤᠯ᠂ ᠲᠡᠭᠦᠨ ᠳᠤ ᠣᠯᠠᠨ ᠦᠨᠳᠦᠰᠦᠲᠡᠨ ᠡᠶ᠎ᠡ ᠵᠣᠬᠢᠴᠠᠨ ᠣᠷᠣᠰᠢᠨ ᠠᠮᠢᠳᠤᠷᠠᠵᠤ ᠲᠠᠢᠪᠤᠩ ᠲᠣᠭᠲᠠᠭᠤᠨ ᠨᠡᠢᠭᠡᠮ ᠤᠨ ᠣᠷᠴᠢᠨ ᠲᠣᠭᠤᠷᠢᠨ ᠢ ᠪᠣᠢ ᠪᠣᠯᠭᠠᠭᠠᠳ ᠳᠠᠢᠨ ᠳᠠᠵᠢᠨ ᠤ ᠬᠥᠯ ᠠᠴᠠ ᠠᠷᠠᠳ ᠲᠦᠮᠡᠨ ᠢ ᠠᠪᠤᠷᠠᠨ ᠵᠠᠢᠯᠠᠭᠤᠯᠬᠤ ᠭᠡᠰᠡᠨ ᠬᠦᠰᠡᠯ ᠡᠷᠡᠮᠡᠯᠵᠡᠯ ᠢ ᠲᠤᠰᠬᠠᠭᠰᠠᠨ ᠠᠴᠠ ᠶᠤᠮ᠃ ᠡᠨᠡ ᠬᠦ ᠭᠤᠣᠯᠯᠠᠬᠤ ᠥᠷᠲᠡᠭ ᠤᠨ ᠦᠵᠡᠯᠲᠡ ᠨᠢ ᠨᠡᠢᠭᠡᠮ ᠵᠢᠷᠤᠮ ᠤᠨ ᠭᠤᠣᠯᠯᠠᠭᠴᠢ ᠥᠷᠲᠡᠭ ᠤᠨ ᠦᠵᠡᠯᠲᠡ ᠲᠠᠢ ᠲᠣᠬᠢᠷᠠᠯᠴᠠᠵᠤ ᠪᠠᠢᠳᠠᠭ᠃
ᠨᠠᠮ ᠤᠨ ᠬᠤᠷᠢᠳᠤᠭᠠᠷ ᠶᠡᠭᠡ ᠬᠤᠷᠠᠯ ᠳᠡᠭᠡᠷ᠎ᠡ᠂ ᠳᠤᠮᠳᠠᠳᠤ ᠤᠯᠤᠰ ᠤᠨ ᠡᠪ ᠬᠠᠮᠲᠤ ᠨᠠᠮ ᠬᠥᠮᠦᠨ ᠲᠥᠷᠥᠯᠬᠢᠲᠡᠨ ᠤ ᠪᠣᠯᠪᠠᠰᠤᠨ ᠤ ᠰᠢᠨ᠎ᠡ ᠬᠡᠯᠪᠡᠷᠢ ᠶᠢ ᠡᠭᠦᠳᠦᠨ ᠪᠦᠲᠦᠭᠡᠯ᠎ᠡ ᠭᠡᠵᠦ ᠳᠤᠷᠠᠳᠪᠠ᠃ ᠬᠥᠮᠦᠨ ᠲᠥᠷᠥᠯᠬᠢᠲᠡᠨ ᠤ ᠪᠣᠯᠪᠠᠰᠤᠨ ᠤ ᠰᠢᠨ᠎ᠡ ᠬᠡᠯᠪᠡᠷᠢ ᠶᠢᠨ ᠬᠠᠮᠤᠭ ᠤᠨ ᠴᠢᠬᠤᠯᠠ ᠠᠭᠤᠯᠤᠭᠳᠠᠬᠤᠨ ᠤ ᠨᠢᠭᠡ ᠪᠣᠯ᠂ ᠳᠤᠮᠳᠠᠳᠤ ᠶᠢᠨ ᠦᠨᠳᠦᠰᠦᠲᠡᠨ ᠪᠣᠯ ᠨᠢᠭᠡᠨ ᠬᠠᠮᠲᠤ ᠶᠢᠨ ᠴᠣᠭᠴᠠ ᠭᠡᠰᠡᠨ ᠦᠵᠡᠯᠲᠡ ᠪᠣᠯᠣᠨ᠎ᠠ᠂ ᠡᠨᠡ ᠬᠦ ᠣᠢᠯᠠᠭᠠᠭᠳᠠᠬᠤᠨ《ᠭᠡᠰᠡᠷ》 ᠤᠨ ᠭᠤᠣᠯᠯᠠᠬᠤ ᠥᠷᠲᠡᠭ ᠤᠨ ᠦᠵᠡᠯᠲᠡ ᠶᠢᠨ ᠳᠣᠲᠣᠷ᠎ᠠ ᠮᠥᠨ ᠠᠳᠠᠯᠢᠬᠠᠨ ᠢᠶᠠᠷ ᠪᠦᠷᠢᠨ ᠭᠦᠢᠴᠡᠳ ᠲᠤᠰᠬᠠᠭᠳᠠᠭᠰᠠᠨ ᠪᠠᠢᠳᠠᠭ᠃ ᠦᠨᠳᠦᠰᠦᠲᠡᠨ ᠠᠯᠤᠰᠯᠠᠨ ᠤᠯᠠᠮᠵᠢᠯᠠᠨ ᠲᠠᠷᠬᠠᠭᠰᠠᠨ ᠲᠡᠦᠬᠡᠨ ᠣᠨᠴᠠᠯᠢᠭ ᠨᠢ ᠴᠦ᠍ 《ᠭᠡᠰᠡᠷ》 ᠢ ᠣᠯᠠᠨ ᠦᠨᠳᠦᠰᠦᠲᠡᠨ ᠬᠦᠯᠢᠶᠡᠨ ᠵᠥᠪᠰᠢᠶᠡᠷᠡᠵᠦ ᠴᠢᠳᠠᠬᠤ ᠶᠢ ᠲᠣᠳᠣᠷᠬᠠᠢ ᠬᠠᠷᠠᠭᠤᠯᠵᠤ ᠪᠠᠢᠨ᠎ᠠ᠃ ᠡᠢᠮᠤ ᠠᠴᠠ ᠪᠢ᠂ 《ᠭᠡᠰᠡᠷ》 ᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠣᠶᠣᠨ ᠰᠠᠨᠠᠭᠠᠨ ᠤ ᠭᠡᠷ ᠣᠷᠣᠨ ᠤ ᠴᠢᠬᠤᠯᠠ ᠪᠦᠷᠢᠯᠳᠦᠬᠦᠨ ᠬᠡᠰᠡᠭ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠣᠶᠤᠨ ᠰᠠᠨᠠᠭᠠᠨ ᠤ ᠡᠳ᠋ ᠪᠠᠶᠠᠯᠢᠭ ᠮᠥᠨ ᠭᠡᠵᠦ ᠦᠵᠡᠳᠡᠭ᠃
ᠰᠤᠷᠪᠤᠯᠵᠢᠯᠠᠭ᠎ᠠ ᠶᠢ ᠬᠦᠯᠢᠶᠡᠨ ᠠᠪᠤᠭᠴᠢ ᠶᠢᠨ ᠲᠣᠪᠴᠢ ᠲᠠᠨᠢᠯᠴᠠᠭᠤᠯᠭ᠎ᠠ :
ᠯᠢ ᠶᠢᠨ᠂ ᠬᠥᠮᠦᠨ ᠲᠥᠷᠥᠯᠬᠢᠲᠡᠨ ᠤ ᠰᠤᠳᠤᠯᠤᠯ ᠤᠨ ᠳ᠋ᠣᠺᠲ᠋ᠣᠷ᠃ ᠰᠧᠴᠦᠸᠠᠨ ᠶᠡᠭᠡ ᠰᠤᠷᠭᠠᠭᠤᠯᠢ ᠶᠢᠨ ᠳᠤᠮᠳᠠᠳᠤ ᠤᠯᠤᠰ ᠤᠨ ᠲᠥᠪᠡᠳ ᠰᠤᠳᠤᠯᠤᠯ ᠤᠨ ᠭᠠᠵᠠᠷ ᠤᠨ ᠫᠷᠣᠹᠧᠰᠰᠣᠷ᠂ ᠳ᠋ᠤᠺᠲ᠋ᠤᠷᠠᠨᠲ ᠤᠨ ᠵᠢᠯᠣᠭᠤᠳᠤᠭᠴᠢ ᠪᠠᠭᠰᠢ᠃ ᠬᠥᠮᠦᠨ ᠲᠥᠷᠥᠯᠬᠢᠲᠡᠨ ᠤ ᠰᠤᠳᠤᠯᠤᠯ ᠤᠨ ᠣᠨᠣᠯ ᠪᠠ ᠠᠷᠭ᠎ᠠ᠂ ᠲᠥᠪᠡᠳ ᠦᠨᠳᠦᠰᠦᠲᠡᠨ ᠤ ᠨᠡᠢᠭᠡᠮ ᠪᠣᠯᠤᠨ ᠰᠣᠶᠣᠯ᠂ ᠲᠥᠪᠡᠳ ᠢ ᠶᠢᠨ ᠬᠤᠩᠭᠢᠯ ᠵᠡᠷᠭᠡ ᠲᠠᠯ᠎ᠠ ᠪᠠᠷ ᠰᠤᠳᠤᠯᠭᠠᠨ ᠬᠢᠳᠡᠭ᠃ ᠳᠤᠮᠳᠠᠳᠤ ᠤᠯᠤᠰ ᠤᠨ ᠪᠠᠷᠠᠭᠤᠨ ᠡᠮᠦᠨᠡᠲᠦ ᠶᠢᠨ ᠦᠨᠳᠦᠰᠦᠲᠡᠨ ᠤ ᠰᠤᠳᠤᠯᠭᠠᠨ ᠤ ᠬᠤᠷᠠᠯ ᠤᠨ ᠳᠡᠳ᠋ ᠳᠠᠷᠤᠭ᠎ᠠ᠂ ᠰᠧᠴᠦᠸᠠᠨ ᠮᠣᠵᠢ ᠶᠢᠨ ᠠᠷᠠᠳ ᠤᠨ ᠤᠷᠠᠯᠢᠭᠴᠢᠳ ᠤᠨ ᠨᠡᠢᠭᠡᠮᠯᠢᠭ ᠤᠨ ᠳᠡᠳ᠋ ᠲᠡᠷᠢᠭᠦᠯᠡᠭᠴᠢ᠂ ᠰᠧᠴᠦᠸᠠᠨ ᠮᠣᠵᠢ ᠶᠢᠨ ᠪᠣᠳᠠᠰ ᠤᠨ ᠪᠤᠰᠤ ᠰᠣᠶᠣᠯ ᠤᠨ ᠥᠪ ᠢ ᠬᠠᠮᠠᠭᠠᠯᠠᠬᠤ ᠨᠡᠢᠭᠡᠮᠯᠢᠭ ᠤᠨ ᠲᠤᠰᠬᠠᠢ ᠮᠡᠷᠭᠡᠵᠢᠯᠲᠡᠨ ᠤ ᠵᠥᠪᠯᠡᠯ ᠤᠨ ᠳᠡᠳ᠋ ᠡᠷᠬᠢᠯᠡᠭᠴᠢ᠂ ᠰᠧᠴᠦᠸᠠᠨ ᠮᠣᠵᠢ ᠶᠢᠨ ᠳᠡᠯᠡᠬᠡᠢ ᠶᠢᠨ ᠰᠣᠶᠣᠯ ᠤᠨ ᠥᠪ ᠤᠨ ᠲᠤᠰᠬᠠᠢ ᠮᠡᠷᠭᠡᠵᠢᠯᠲᠡᠨ ᠤ ᠵᠥᠪᠯᠡᠯ ᠤᠨ ᠭᠡᠰᠢᠭᠦᠨ ᠵᠡᠷᠭᠡ ᠲᠤᠰᠢᠶᠠᠯ ᠢ ᠡᠭᠦᠷᠭᠡᠯᠡᠵᠦ ᠪᠣᠢ᠃
ᠢᠷᠡᠯᠲᠡ᠄ ᠳᠤᠮᠳᠠᠳᠤ ᠶ᠋ᠢ ᠥᠭᠦᠯᠡᠬᠦᠢ
ᠣᠷᠴᠢᠭᠤᠯᠤᠭᠴᠢ᠄ ᠥᠪᠦᠷ ᠮᠣᠩᠭᠤᠯ ᠤ᠋ᠨ ᠦᠨᠳᠦᠰᠦᠲᠡᠨ ᠤ᠋ ᠬᠡᠷᠡᠭ ᠡᠷᠬᠢᠯᠡᠬᠦ ᠵᠥᠪᠯᠡᠯ ᠤ᠋ᠨ ᠮᠣᠩᠭᠤᠯ ᠰᠦᠯᠵᠢᠶ᠎ᠡ