1984 ᠣᠨ ᠳᠤ᠂ 《ᠭᠡᠰᠡᠷ ᠤᠨ ᠲᠤᠭᠤᠵᠢ》 ᠶᠢ ᠴᠤᠭᠯᠠᠭᠤᠯᠬᠤ᠂ ᠡᠮᠬᠢᠳᠬᠡᠬᠦ᠂ ᠣᠷᠴᠢᠭᠤᠯᠬᠤ᠂ ᠰᠤᠳᠤᠯᠬᠤ ᠪᠠ ᠬᠡᠪᠯᠡᠭᠦᠯᠬᠦ ᠠᠵᠢᠯ ᠢ ᠤᠯᠤᠰ ᠤᠨ ᠭᠤᠣᠯᠳᠠᠯᠭ᠎ᠠ ᠲᠠᠢ ᠰᠤᠳᠤᠯᠭᠠᠨ ᠤ ᠲᠥᠰᠦᠯ ᠳᠤ ᠣᠷᠣᠭᠤᠯᠤᠭᠰᠠᠨ ᠤ ᠲᠠᠷᠠᠭ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ《ᠭᠡᠰᠡᠷ》 ᠤᠨ ᠠᠵᠢᠯ ᠤᠨ ᠤᠳᠤᠷᠢᠳᠬᠤ ᠳᠤᠭᠤᠢᠯᠠᠩ ᠪᠠ ᠠᠯᠪᠠᠨ ᠭᠡᠷ ᠢ ᠪᠠᠢᠭᠤᠯᠵᠤ᠂《ᠭᠡᠰᠡᠷ》 ᠢ ᠴᠤᠭᠯᠠᠭᠤᠯᠬᠤ᠂ ᠡᠮᠬᠢᠳᠬᠡᠬᠦ᠂ ᠣᠷᠴᠢᠭᠤᠯᠬᠤ᠂ ᠰᠤᠳᠤᠯᠬᠤ ᠪᠠ ᠬᠡᠪᠯᠡᠭᠦᠯᠬᠦ ᠠᠵᠢᠯ ᠢ ᠬᠠᠷᠢᠭᠤᠴᠠᠨ ᠪᠡᠶᠡᠯᠡᠬᠦᠯᠪᠡ᠃ ᠥᠪᠡᠷᠲᠡᠭᠡᠨ ᠵᠠᠰᠠᠬᠤ ᠣᠷᠣᠨ ᠤ 《ᠭᠡᠰᠡᠷ》 ᠤᠨ ᠠᠯᠪᠠᠨ ᠭᠡᠷ ᠪᠠᠢᠭᠤᠯᠤᠭᠳᠠᠭᠰᠠᠨ ᠠᠴᠠ ᠨᠠᠭᠠᠰᠢ᠂ ᠨᠠᠢ᠍ᠮᠠᠨ ᠮᠤᠵᠢ ᠣᠷᠣᠨ ᠤ᠋ ᠬᠡᠪᠴᠢᠶᠡᠨ ᠳᠤ ᠬᠡᠭᠡᠷ᠎ᠡ ᠶᠢᠨ ᠪᠠᠢᠴᠠᠭᠠᠯᠲᠠ ᠶᠢ ᠥᠷᠭᠡᠨ ᠢᠶᠠᠷ ᠥᠷᠨᠢᠭᠦᠯᠵᠦ᠂ ᠶᠡᠭᠡ ᠬᠡᠮᠵᠢᠶᠡᠨ ᠤ ᠠᠩᠬᠠᠨ ᠤ ᠮᠠᠲ᠋ᠧᠷᠢᠶᠠᠯ ᠢ ᠠᠪᠤᠷᠠᠨ ᠴᠤᠭᠯᠠᠭᠤᠯᠵᠤ ᠡᠮᠬᠢᠳᠬᠡᠭᠰᠡᠨ ᠤ ᠳᠠᠷᠠᠭ᠎ᠠ《ᠭᠡᠰᠡᠷ ᠤᠨ ᠲᠤᠭᠤᠵᠢ ᠶᠢᠨ ᠴᠤᠪᠤᠷᠠᠯ ᠪᠢᠴᠢᠭ》 ᠪᠣᠯᠭᠠᠨ 20 ᠭᠠᠷᠤᠢ ᠳᠡᠪᠲᠡᠷ ᠢ ᠲᠣᠲᠣᠭᠠᠳᠤ ᠬᠡᠪᠯᠡᠯ ᠢᠶᠠᠷ ᠬᠡᠪᠯᠡᠭᠦᠯᠦᠨ ᠲᠠᠷᠬᠠᠭᠠᠪᠠ᠃ ᠪᠣᠳᠠᠲᠠᠢ ᠨᠣᠮ ᠤᠳ ᠨᠢ ᠳᠣᠣᠷᠠᠬᠢ ᠮᠡᠲᠦ᠄
1.《ᠪᠠᠭᠠᠷᠢᠨ ᠭᠡᠰᠡᠷ ᠤᠨ ᠲᠤᠭᠤᠵᠢ》 ᠶᠢᠨ ᠠᠷᠪᠠᠨ ᠲᠠᠪᠤᠳᠤᠭᠠᠷ ᠪᠦᠯᠦᠭ (ᠮᠣᠩᠭᠤᠯ)᠂ ᠰᠦᠯᠹᠦᠩᠭᠠ ᠬᠠᠢᠯᠠᠵᠤ ᠡᠮᠬᠢᠳᠭᠡᠪᠡ᠂ ᠨᠡᠢᠲᠡ 103 ᠨᠢᠭᠤᠷ᠂ 1600 ᠮᠥᠷ᠂ 1984 ᠣᠨ ᠤ 12 ᠳ᠋ᠤᠭᠠᠷ ᠰᠠᠷ᠎ᠠ ᠳᠤ ᠬᠡᠪᠯᠡᠭᠦᠯᠪᠡ᠃
2.《ᠪᠠᠭᠠᠷᠢᠨ ᠭᠡᠰᠡᠷ ᠤᠨ ᠲᠤᠭᠤᠵᠢ》 ᠶᠢᠨ ᠠᠷᠪᠠᠨ ᠵᠢᠷᠭᠤᠳᠤᠭᠠᠷ ᠪᠦᠯᠦᠭ (ᠮᠣᠩᠭᠤᠯ)᠂ ᠰᠦᠯᠹᠦᠩᠭᠠ ᠬᠠᠢᠯᠠᠵᠤ ᠡᠮᠬᠢᠳᠭᠡᠪᠡ᠂ ᠨᠡᠢᠲᠡ 102 ᠨᠢᠭᠤᠷ᠂ 1600 ᠮᠥᠷ᠂ 1986 ᠣᠨ ᠤ 9 ᠳ᠋ᠤᠭᠡᠷ ᠰᠠᠷ᠎ᠠ ᠳᠤ ᠬᠡᠪᠯᠡᠭᠦᠯᠪᠡ᠃
3.《ᠪᠠᠭᠠᠷᠢᠨ ᠭᠡᠰᠡᠷ ᠤᠨ ᠳᠣᠮᠤᠭ》(ᠨᠢᠭᠡ)(ᠮᠤᠩᠭᠤᠯ ᠬᠢᠳᠡᠳ ᠬᠠᠷᠢᠴᠠᠭᠤᠯᠪᠠ)᠂ ᠲᠤᠷᠤᠩᠭᠠ᠂ ᠬᠦᠷᠡᠯᠪᠠᠲᠤ᠂ ᠪᠥᠬᠡᠴᠢᠯᠠᠭᠤ ᠨᠠᠷ ᠡᠮᠬᠢᠳᠬᠡᠵᠦ ᠪᠤᠶᠠᠨᠸᠴᠢᠷ ᠣᠷᠴᠢᠭᠤᠯᠪᠠ᠂ ᠨᠡᠢᠲᠡ 51 ᠨᠢᠭᠤᠷ᠂ 1985 ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
4.《ᠪᠠᠭᠠᠷᠢᠨ ᠭᠡᠰᠡᠷ ᠤᠨ ᠲᠤᠮᠤᠭ》(ᠬᠤᠶᠠᠷ)᠂ ᠪᠤᠶᠠᠨᠳᠡᠯᠭᠡᠷ ᠨᠠᠷ ᠴᠤᠬᠯᠠᠭᠤᠯᠤᠨ ᠡᠮᠬᠢᠳᠬᠡᠪᠡ᠂ ᠨᠡᠢᠲᠡ 44 ᠨᠢᠭᠤᠷ᠂ 1985 ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
5.《ᠪᠠᠭᠠᠷᠢᠨ ᠭᠡᠰᠡᠷ ᠤᠨ ᠲᠤᠭᠤᠵᠢ》(ᠭᠤᠷᠪᠠ)᠂ ᠪᠥᠬᠡᠴᠢᠯᠠᠭᠤ ᠴᠤᠬᠯᠠᠭᠤᠯᠤᠨ ᠡᠮᠬᠢᠳᠬᠡᠪᠡ᠂ ᠨᠡᠢᠲᠡ 132 ᠨᠢᠭᠤᠷ᠂ 1770 ᠮᠥᠷ᠂ 1985ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
6.《ᠬᠥᠬᠡᠨᠠᠭᠤᠷ ᠭᠡᠰᠡᠷ ᠤᠨ ᠲᠤᠭᠤᠵᠢ》ᠳᠥᠷᠪᠡᠨ ᠪᠦᠯᠦᠭᠲᠦ ᠳᠡᠪᠲᠡᠷ(ᠮᠣᠩᠭᠤᠯ) ᠦᠵᠡᠷ᠂ ᠰᠦᠬᠡ ᠨᠠᠷ ᠬᠠᠢᠯᠠᠵᠤ ᠳᠣᠷᠣᠩᠭᠠ᠂ ᠲᠤᠪᠴᠢᠨ ᠡᠮᠬᠢᠳᠬᠡᠪᠡ᠂ ᠨᠡᠢᠲᠡ 154 ᠨᠢᠭᠤᠷ᠂ 1984 ᠣᠨ ᠤ 12 ᠳ᠋ᠤᠭᠠᠷ ᠰᠠᠷ᠎ᠠ ᠳᠤ ᠬᠡᠪᠯᠡᠭᠦᠯᠪᠡ᠃
7.《ᠰᠢᠨᠵᠢᠶᠠᠩ ᠭᠡᠰᠡᠷ ᠤᠨ ᠲᠤᠭᠤᠵᠢ》ᠨᠠᠢ᠍ᠮᠠᠨ ᠪᠦᠯᠦᠭᠲᠦ ᠳᠡᠪᠲᠡᠷ(ᠮᠣᠩᠭᠤᠯ)᠂ ᠣᠲ᠋ᠣᠺᠠ᠂ ᠯᠤᠢᠷᠤᠪ ᠂ ᠳᠣᠷᠵᠢ ᠨᠠᠷ ᠬᠠᠢᠯᠠᠵᠤ ᠰᠡᠴᠡᠨᠮᠥ᠋ᠩᠬᠡ ᠡᠮᠬᠢᠳᠬᠡᠪᠡ᠂ ᠨᠡᠢᠲᠡ 135 ᠨᠢᠭᠤᠷ᠂ 1984 ᠣᠨ ᠤ 12 ᠳ᠋ᠤᠭᠠᠷ ᠰᠠᠷ᠎ᠠ ᠳᠤ ᠬᠡᠪᠯᠡᠭᠦᠯᠪᠡ᠃
8.《ᠬᠥᠬᠡᠨᠠᠭᠤᠷ ᠭᠡᠰᠡᠷ ᠤᠨ ᠠᠭᠤᠯᠠ ᠤᠰᠤᠨ ᠤ ᠳᠣᠮᠤᠭ》(ᠮᠣᠩᠭᠤᠯ ᠬᠢᠲᠠᠳ ᠬᠠᠷᠢᠴᠠᠭᠤᠯᠪᠠ)᠂ ᠳᠣᠷᠣᠩᠭᠠ ᠴᠤᠬᠯᠠᠭᠤᠯᠤᠨ ᠡᠮᠬᠢᠳᠬᠡᠵᠤ᠂ ᠠᠩᠴᠢᠨᠬᠦᠦ ᠣᠷᠴᠢᠭᠤᠯᠪᠠ᠂ ᠨᠡᠢᠲᠡ 53 ᠨᠢᠭᠤᠷ᠂ 1984 ᠣᠨ ᠤ 12 ᠳ᠋ᠤᠭᠠᠷ ᠰᠠᠷ᠎ᠠ ᠳᠤ ᠬᠡᠪᠯᠡᠭᠦᠯᠪᠡ᠃
9.《ᠣᠢᠷᠠᠳ ᠭᠡᠰᠡᠷ ᠤᠨ ᠲᠤᠭᠤᠵᠢ》 (ᠬᠢᠲᠠᠳ ᠣᠷᠴᠢᠭᠤᠯᠭ᠎ᠠ)᠂ ᠠᠩᠴᠢᠨᠬᠦᠦ᠂ ᠰᠡᠴᠡᠨᠮᠥ᠋ᠩᠬᠡ ᠴᠤᠭᠯᠠᠭᠤᠯᠤᠨ ᠡᠮᠬᠢᠳᠬᠡᠵᠦ ᠨᠠᠰᠤᠨᠪᠥ᠋ᠬᠡ ᠣᠷᠴᠢᠭᠤᠯᠪᠠ᠂ ᠨᠡᠢᠲᠡ 87 ᠨᠢᠭᠤᠷ᠂ 100 ᠮᠢᠩᠭᠠᠨ ᠥᠰᠥᠭ᠂ 1985 ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
10.《ᠬᠥᠬᠡᠨᠠᠭᠤᠷ ᠭᠡᠰᠡᠷ ᠤᠨ ᠲᠤᠮᠤᠭ》(ᠬᠢᠲᠠᠳ ᠣᠷᠴᠢᠭᠤᠯᠭ᠎ᠠ)᠂ ᠠᠩᠴᠢᠨᠬᠦᠦ᠂ ᠴᠣᠭᠵᠤ ᠣᠷᠴᠢᠭᠤᠯᠪᠠ᠂ ᠨᠡᠢᠲᠡ 94 ᠨᠢᠭᠤᠷ᠂ 18000 ᠮᠥᠷ᠂ 1985 ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
11.《ᠫᠠᠵᠠᠢ ᠭᠡᠰᠡᠷ ᠤᠨ ᠲᠤᠭᠤᠵᠢ》(ᠨᠢᠭᠡ)(ᠮᠣᠩᠭᠤᠯ)᠂ ᠫᠠᠵᠠᠢ ᠬᠠᠢᠯᠠᠵᠤ ᠳᠣᠷᠣᠩᠭᠠ ᠡᠮᠬᠢᠳᠬᠡᠪᠡ᠂ ᠨᠡᠢᠲᠡ 265 ᠨᠢᠭᠤᠷ᠂ 1985ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
12.《ᠪᠤᠷᠢᠶᠠᠳ ᠭᠡᠰᠡᠷ》 ᠦᠩᠭᠦᠨ ᠤ ᠳᠡᠪᠲᠡᠷ (ᠮᠣᠩᠭᠤᠯ)᠂ ᠳ᠋ᠮᠢᠲᠷᠢᠶ᠋ᠸᠧ ᠬᠠᠢᠯᠠᠪᠠ᠂ 1953 ᠣᠨ ᠤ ᠤᠯᠠᠭᠠᠨ - ᠦᠳᠡ ᠶᠢᠨ ᠬᠡᠪᠯᠡᠯ ᠠᠴᠠ ᠪᠠᠲᠤᠮᠥ᠋ᠩᠬᠡ ᠬᠦᠷᠪᠡᠭᠦᠯᠦᠨ ᠪᠠᠭᠤᠯᠭᠠᠪᠠ᠂ ᠨᠡᠢᠲᠡ 202 ᠨᠢᠭᠤᠷ᠂ 1985 ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
13.《ᠪᠤᠷᠢᠶᠠᠳ ᠭᠡᠰᠡᠷ》(ᠬᠤᠶᠠᠷ)(ᠮᠣᠩᠭᠤᠯ)᠂ ᠬᠤᠮᠣᠨᠣᠸᠠ ᠴᠤᠬᠯᠠᠭᠤᠯᠤᠨ ᠡᠮᠬᠢᠳᠬᠡᠪᠠ᠂ 1964 ᠣᠨ ᠤ ᠤᠯᠠᠭᠠᠨ - ᠦᠳᠡ ᠶᠢᠨ ᠬᠡᠪᠯᠡᠯ ᠠᠴᠠ ᠨᠣᠮᠢᠨ ᠬᠦᠷᠪᠡᠭᠦᠯᠦᠨ ᠪᠠᠭᠤᠯᠭᠠᠪᠠ᠂ ᠨᠡᠢᠲᠡ 125 ᠨᠢᠭᠤᠷ᠂ 1986 ᠣᠨ ᠤ 5 ᠳ᠋ᠤᠭᠠᠷ ᠰᠠᠷ᠎ᠠ ᠳᠤ ᠬᠡᠪᠯᠡᠭᠦᠯᠪᠡ᠃
14.《ᠪᠤᠷᠢᠶᠠᠳ ᠭᠡᠰᠡᠷ》(ᠭᠤᠷᠪᠠ)(ᠮᠣᠩᠭᠤᠯ)᠂ ᠬᠤᠮᠣᠨᠣᠸᠠ ᠴᠤᠭᠯᠠᠭᠤᠯᠤᠨ ᠡᠮᠬᠢᠳᠬᠡᠵᠤ ᠨᠣᠮᠢᠨ ᠬᠦᠷᠪᠡᠭᠦᠯᠦᠨ ᠪᠠᠭᠤᠯᠭᠠᠪᠠ᠂ 250 ᠨᠢᠭᠤᠷ᠂1986 ᠣᠨ ᠤ 5 ᠳ᠋ᠤᠭᠠᠷ ᠰᠠᠷ᠎ᠠ ᠳᠤ ᠬᠡᠪᠯᠡᠭᠦᠯᠪᠡ᠃
15.《ᠪᠡᠭᠡᠵᠢᠩ ᠪᠠᠷ ᠤᠨ ᠭᠡᠰᠡᠷ ᠤᠨ ᠲᠤᠭᠤᠵᠢ》(ᠬᠢᠲᠠᠳ ᠣᠷᠴᠢᠭᠤᠯᠭ᠎ᠠ)᠂ ᠰᠠᠩᠵᠠᠢᠵᠠᠪ ᠣᠷᠴᠢᠭᠤᠯᠪᠠ᠂ ᠨᠡᠢᠲᠡ 239 ᠨᠢᠭᠤᠷ᠂ 1985 ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
16.《ᠭᠡᠰᠡᠷ ᠤᠨ ᠰᠤᠳᠤᠯᠤᠯ ᠤᠨ ᠥᠭᠦᠯᠡᠯ ᠤᠨ ᠲᠡᠭᠦᠪᠦᠷᠢ》(ᠮᠣᠩᠭᠤᠯ᠂ ᠠᠷᠪᠠᠨ ᠵᠢᠷᠭᠤᠭᠠᠨ ᠵᠣᠬᠢᠶᠠᠯ)᠂ ᠷᠠᠰᠢ ᠨᠠᠢᠷᠠᠭᠤᠯᠪᠠ᠂ ᠨᠡᠢᠲᠡ 365 ᠨᠢᠭᠤᠷ᠂ 160 ᠮᠢᠩᠭᠠᠨ ᠦᠰᠦᠭ᠂ 1985 ᠣᠨ ᠤ 7 ᠳ᠋ᠤᠭᠠᠷ ᠰᠠᠷ᠎ᠠ ᠳᠤ ᠬᠡᠪᠯᠡᠭᠦᠯᠪᠡ᠃
17.《ᠬᠥᠬᠡᠨᠠᠭᠤᠷ ᠭᠡᠰᠡᠷ》(ᠮᠣᠩᠭᠤᠯ)᠂ ᠨᠣᠷᠵᠢᠨ᠂ ᠴᠣᠢᠰᠦ᠋ᠷᠦᠩ᠂ ᠪᠥᠬᠡᠴᠢᠯᠠᠭᠤ ᠨᠠᠷ ᠡᠮᠬᠢᠳᠬᠡᠪᠡ᠂ 1986 ᠣᠨ ᠤ 5 ᠳ᠋ᠤᠭᠠᠷ ᠰᠠᠷ᠎ᠠ ᠳᠤ ᠬᠡᠪᠯᠡᠭᠦᠯᠪᠡ᠃
18. 《ᠠᠷᠤ ᠬᠤᠷᠴᠢᠨ᠂ ᠵᠠᠷᠤᠳ <ᠭᠡᠰᠡᠷ> ᠤᠨ ᠠᠭᠤᠯᠠ ᠤᠰᠤᠨ ᠤ ᠳᠣᠮᠤᠭ》 (ᠮᠣᠩᠭᠤᠯ)᠂ ᠬᠤᠲᠤᠷᠢᠩᠭᠠ ᠡᠮᠬᠢᠳᠬᠡᠪᠡ᠂ ᠨᠡᠢᠲᠡ 50 ᠨᠢᠭᠤᠷ᠂ 1986 ᠣᠨ ᠤ 5 ᠳ᠋ᠤᠭᠠᠷ ᠰᠠᠷ᠎ᠠ ᠳᠤ ᠬᠡᠪᠯᠡᠭᠦᠯᠪᠡ᠃
19. 《ᠪᠠᠭᠠᠷᠢᠨ ᠭᠡᠰᠡᠷ》(ᠨᠢᠭᠡ)(ᠬᠢᠲᠠᠳ)᠂ 《ᠪᠠᠭᠠᠷᠢᠨ ᠭᠡᠰᠡᠷ ᠤᠨ ᠲᠤᠭᠤᠵᠢ》 ᠶᠢᠨ ᠠᠷᠪᠠᠨ ᠲᠠᠪᠤᠳᠤᠭᠠᠷ ᠪᠦᠯᠦᠭ ᠤᠨ ᠣᠷᠴᠢᠭᠤᠯᠭ᠎ᠠ᠂ ᠰᠦᠯᠹᠦᠩᠭᠠ ᠬᠠᠢᠯᠠᠨ ᠡᠮᠬᠢᠳᠬᠡᠵᠦ ᠪᠥᠬᠡᠪᠠᠶᠠᠷ ᠣᠷᠴᠢᠭᠤᠯᠪᠠ᠂ 1986 ᠣᠨ ᠤ 5 ᠳ᠋ᠤᠭᠠᠷ ᠰᠠᠷ᠎ᠠ ᠳᠤ ᠬᠡᠪᠯᠡᠭᠦᠯᠪᠡ᠃
20. 《ᠪᠠᠭᠠᠷᠢᠨ ᠭᠡᠰᠡᠷ》(ᠬᠤᠶᠠᠷ)(ᠬᠢᠲᠠᠳ)᠂ 《ᠪᠠᠭᠠᠷᠢᠨ ᠭᠡᠰᠡᠷ ᠤᠨ ᠲᠤᠭᠤᠵᠢ》 ᠶᠢᠨ ᠠᠷᠪᠠᠨ ᠵᠢᠷᠭᠤᠳᠤᠭᠠᠷ ᠪᠦᠯᠦᠭ ᠤᠨ ᠣᠷᠴᠢᠭᠤᠯᠭ᠎ᠠ᠂ ᠰᠦᠯᠹᠦᠩᠭᠠ ᠬᠠᠢᠯᠠᠨ ᠡᠮᠬᠢᠳᠬᠡᠵᠦ ᠪᠥᠬᠡᠪᠠᠶᠠᠷ ᠣᠷᠴᠢᠭᠤᠯᠪᠠ᠂ ᠨᠡᠢᠲᠡ 36 ᠨᠢᠭᠤᠷ᠂ 1986 ᠣᠨ ᠳᠤ ᠬᠡᠪᠯᠡᠭᠦᠯᠪᠡ᠃
21. 《 ᠣᠢᠷᠠᠳ ᠭᠡᠰᠡᠷ》 ᠨᠠᠢ᠍ᠮᠠᠨ ᠪᠦᠯᠦᠭ (ᠬᠢᠲᠠᠳ)᠂ ᠰᠡᠴᠡᠨᠮᠥ᠋ᠩᠬᠡ ᠡᠮᠬᠢᠳᠬᠡᠵᠤ ᠪᠢᠯᠢᠬᠦᠨ ᠣᠷᠴᠢᠭᠤᠯᠪᠠ᠂ ᠨᠡᠢᠲᠡ 83 ᠨᠢᠭᠤᠷ᠂ 1986 ᠣᠨ ᠤ 5 ᠰᠠᠷ᠎ᠠ ᠳᠤ ᠬᠡᠪᠯᠡᠭᠦᠯᠪᠡ᠃
22. ᠤᠯᠠᠭᠠᠨᠴᠠᠪ 《ᠭᠡᠰᠡᠷ ᠤᠨ ᠲᠤᠭᠤᠵᠢ》(ᠨᠢᠭᠡ)(ᠮᠣᠩᠭᠤᠯ)᠂ ᠯᠤᠪᠰᠠᠩ ᠬᠠᠢᠯᠠᠵᠤ ᠡᠮᠬᠢᠳᠬᠡᠪᠡ᠂ ᠨᠡᠢᠲᠡ 211 ᠨᠢᠭᠤᠷ᠂ 1986 ᠣᠨ ᠤ 9 ᠳ᠋ᠤᠭᠡᠷ ᠰᠠᠷ᠎ᠠ ᠳᠤ ᠬᠡᠪᠯᠡᠭᠦᠯᠪᠡ᠃
23. 《ᠲᠣᠳᠣ ᠦᠰᠦᠭ ᠤᠨ ᠭᠡᠰᠡᠷ》(ᠮᠣᠩᠭᠤᠯ)᠂1960 ᠣᠨ ᠳᠤ ᠤᠯᠠᠭᠠᠨᠪᠠᠭᠠᠲᠤᠷ ᠲᠤ ᠬᠡᠪᠯᠡᠭᠳᠡᠭᠰᠡᠨ《ᠲᠣᠳᠣ ᠦᠰᠦᠭ ᠤᠨ ᠭᠡᠰᠡᠷ》 ᠤᠨ ᠬᠦᠷᠪᠡᠭᠦᠯᠭᠡ ᠶᠢ ᠪᠠᠳᠮ᠎ᠠ ᠬᠦᠷᠪᠡᠭᠦᠯᠦᠨ ᠪᠠᠭᠤᠯᠭᠠᠪᠠ᠂ 148 ᠨᠢᠭᠤᠷ᠂ 1986 ᠣᠨ ᠳᠤ ᠬᠡᠪᠯᠡᠭᠦᠯᠪᠡ᠃