《ᠳᠤᠮᠳᠠᠳᠤ ᠤᠯᠤᠰ ᠤ᠋ᠨ ᠴᠦ᠋ᠬᠡᠨ ᠲᠣᠭᠠᠲᠤ ᠦᠨᠳᠦᠰᠦᠲᠡᠨ ᠦ᠌ ᠡᠷᠲᠡᠨ ᠦ᠌ ᠨᠣᠮ ᠪᠢᠴᠢᠭ ᠦ᠋ᠨ ᠲᠣᠪᠴᠢ ᠠᠭᠤᠯᠭᠠᠲᠤ ᠶᠡᠷᠦᠩᠬᠡᠢ ᠭᠠᠷᠴᠠᠭ 》ᠪᠣᠯ ᠳᠤᠮᠳᠠᠳᠤ ᠤᠯᠤᠰ ᠤ᠋ᠨ ᠠᠩᠬᠠᠳᠠᠭᠴᠢ ᠨᠢᠭᠡᠨ ᠢᠵᠢ ᠪᠦᠬᠦ ᠤᠯᠤᠰ ᠤ᠋ᠨ ᠴᠦ᠋ᠬᠡᠨ ᠲᠣᠭᠠᠲᠦ ᠦᠨᠳᠦᠰᠦᠲᠡᠨ ᠦ᠌ ᠡᠷᠲᠡᠨ ᠦ᠌ ᠰᠤᠳᠤᠷ ᠪᠢᠴᠢᠭ ᠢ᠋ ᠡᠮᠬᠢᠯᠡᠨ ᠲᠢᠭᠯᠡᠬᠦ ᠠᠵᠢᠯ ᠤ᠋ᠨ ᠴᠢᠬᠤᠯᠠ ᠰᠤᠳᠤᠯᠭᠠᠨ ᠤ᠋ ᠲᠥᠰᠦᠯ ᠪᠣᠯᠤᠨ᠎ᠠ᠃ ᠪᠦᠬᠦ ᠨᠣᠮ ᠪᠠᠷᠤᠭ 60 ᠪᠣᠳᠢ᠂ 110 ᠳᠡᠪᠲᠡᠷ ᠪᠣᠢ᠂ ᠮᠠᠨ ᠤ᠋ ᠤᠯᠤᠰ ᠤ᠋ᠨ 55 ᠴᠦ᠋ᠬᠡᠨ ᠲᠣᠭᠠᠲᠦ ᠦᠨᠳᠦᠰᠦᠲᠡᠨ ᠦ᠌ ᠡᠷᠲᠡᠨ ᠦ᠌ ᠰᠤᠳᠤᠷ ᠪᠢᠴᠢᠭ ᠢ᠋ ᠬᠣᠷᠢᠶᠠᠨ ᠠᠪᠤᠪᠠ᠃ 1997 ᠣᠨ ᠳ᠋ᠤ᠌ ᠵᠢᠩᠬᠢᠨᠢ ᠪᠡᠷ ᠰᠡᠳᠦᠪ ᠲᠣᠭᠲᠠᠭᠠᠵᠤ᠂ ᠲᠤᠰ ᠲᠥᠰᠦᠯ ᠨᠢ《ᠤᠯᠤᠰ ᠤ᠋ᠨ〈ᠠᠷᠪᠠᠨ ᠨᠢᠭᠡᠳᠦᠭᠡᠷ ᠲᠠᠪᠤᠨ ᠵᠢᠯ〉 ᠤ᠋ᠨ ᠬᠤᠭᠤᠴᠠᠭᠠᠨ ᠳ᠋ᠠᠬᠢ ᠰᠣᠶᠤᠯ ᠤ᠋ᠨ ᠬᠥᠭᠵᠢᠯᠲᠡ ᠶ᠋ᠢᠨ ᠲᠥᠯᠦᠪᠵᠢᠭᠦᠯᠭᠡ ᠶ᠋ᠢᠨ ᠬᠥᠲᠦᠯᠪᠦᠷᠢ》᠂《ᠤᠯᠤᠰ ᠤ᠋ᠨ〈ᠠᠷᠪᠠᠨ ᠬᠣᠶᠠᠳᠤᠭᠠᠷ ᠲᠠᠪᠤᠨ ᠵᠢᠯ〉ᠤ᠋ᠨ ᠬᠤᠭᠤᠴᠠᠭᠠᠨ ᠳ᠋ᠡᠬᠢ ᠰᠣᠶᠤᠯ ᠤ᠋ᠨ ᠥᠭᠡᠷᠡᠴᠢᠯᠡᠯᠲᠡ ᠬᠥᠭᠵᠢᠯᠲᠡ ᠶ᠋ᠢᠨ ᠲᠥᠯᠦᠪᠵᠢᠭᠦᠯᠭᠡ ᠶ᠋ᠢᠨ ᠬᠥᠲᠦᠯᠪᠦᠷᠢ》ᠪᠣᠯᠤᠨ《ᠴᠦ᠋ᠬᠡᠨ ᠲᠣᠭᠠᠲᠦ ᠦᠨᠳᠦᠰᠦᠲᠡᠨ ᠦ᠌ ᠦᠢᠯᠡᠰ ᠤ᠋ᠨ〈ᠠᠷᠪᠠᠨ ᠬᠣᠶᠠᠳᠤᠭᠠᠷ ᠲᠠᠪᠤᠨ ᠵᠢᠯ 〉ᠤ᠋ᠨ ᠲᠥᠯᠦᠪᠵᠢᠭᠦᠯᠭᠡ》ᠳ᠋ᠤ᠌ ᠵᠢᠭᠰᠠᠭᠠᠭᠳᠠᠪᠠ᠃