ᠲᠤᠰ ᠨᠣᠮ ᠢ᠋ ᠪᠡᠭᠡᠵᠢᠩ ᠦ᠋ᠨ ᠬᠠᠭᠠᠨ ᠤ᠋ ᠣᠷᠳᠤᠨ ᠤ᠋ ᠮᠦᠽᠧᠢ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠴᠤᠭᠯᠠᠭᠤᠯᠤᠨ ᠡᠮᠬᠢᠳᠭᠡᠵᠦ ᠰᠤᠳᠤᠯᠬᠤ ᠲᠠᠰᠤᠭ᠂ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠤᠨ ᠤ᠋ ᠣᠢᠷᠠᠳ ᠮᠣᠩᠭᠤᠯ ᠰᠤᠳᠤᠯᠬᠤ ᠨᠡᠢᠭᠡᠮᠯᠢᠭ ᠬᠠᠮᠲᠤᠷᠠᠨ ᠨᠠᠢᠷᠠᠭᠤᠯᠵᠤ᠂ ᠪᠡᠭᠡᠵᠢᠩ ᠤ᠋ᠨ ᠬᠠᠭᠠᠨ ᠤ᠋ ᠣᠷᠳᠤᠨ ᠤ᠋ ᠮᠦᠽᠧᠢ ᠶ᠋ᠢᠨ ᠨᠣᠮ ᠤ᠋ᠨ ᠰᠠᠩ ᠳ᠋ᠤ᠌ ᠬᠠᠳᠠᠭᠠᠯᠠᠭᠳᠠᠵᠤ ᠪᠠᠢᠭᠰᠠᠨ ᠰᠠᠢᠰᠢᠶᠠᠯᠲᠦ ᠢᠷᠦᠭᠡᠯᠲᠦ ᠶ᠋ᠢᠨ ᠬᠣᠶᠠᠳᠤᠭᠠᠷ ᠣᠨ (1797ᠣᠨ) ᠤ᠋《ᠮᠣᠩᠭᠤᠯ ᠲᠣᠳ ᠦᠰᠦᠭ ᠢ᠋ᠶ᠋ᠡᠷ ᠨᠡᠢᠯᠡᠯᠳᠦᠭᠦᠯᠭᠰᠡᠨ ᠴᠤᠭᠯᠠᠯᠭᠠ》 ᠶ᠋ᠢ ᠡᠮᠬᠢᠳᠭᠡᠨ ᠴᠤᠭᠯᠠᠭᠤᠯᠤᠭᠠᠳ ᠭᠡᠷᠡᠯ ᠵᠢᠷᠤᠭ ᠢ᠋ᠶ᠋ᠠᠷ ᠬᠡᠪᠯᠡᠭᠦᠯᠪᠡ᠃ 《ᠴᠤᠭᠯᠠᠯᠭᠠ》ᠪᠣᠯ ᠬᠤᠳᠤᠮ᠂ ᠲᠣᠳᠤ᠂ ᠮᠠᠨᠵᠤ᠂ ᠬᠢᠲᠠᠳ ᠬᠠᠪᠰᠤᠷᠭᠠᠵᠤ ᠭᠠᠯᠢᠭ ᠬᠠᠳᠠᠭᠰᠠᠨ ᠲᠣᠯᠢ ᠪᠢᠴᠢᠭ ᠮᠥᠨ᠃ ᠲᠤᠰ《 ᠴᠤᠭᠯᠠᠯᠭᠠ》 ᠨᠢ ᠣᠷᠤᠰᠢᠯ᠂ ᠲᠣᠳᠤ ᠦᠰᠦᠭ ᠦ᠋ᠨ ᠴᠠᠭᠠᠨ ᠲᠣᠯᠤᠭᠠᠢ ᠶ᠋ᠢᠨ ᠵᠢᠭᠰᠠᠭᠠᠯᠲᠠ᠂ ᠲᠣᠳᠤ ᠦᠰᠦᠭ ᠤ᠋ᠨ ᠦᠯᠢᠭᠡᠷ᠂ ᠲᠣᠯᠢ ᠪᠢᠴᠢᠭ ᠭᠡᠬᠦ ᠳᠥᠷᠪᠡᠨ ᠠᠭᠤᠯᠭ᠎ᠠ ᠪᠡᠷ ᠪᠦᠷᠢᠯᠳᠦᠵᠡᠢ᠃《ᠴᠤᠭᠯᠠᠯᠭᠠ》ᠪᠣᠯᠪᠠᠯ 18 ᠳ᠋ᠤᠭᠠᠷ ᠵᠠᠭᠤᠨ ᠤ᠋ ᠦᠶ᠎ᠡ ᠶ᠋ᠢᠨ ᠣᠢᠷᠠᠳ ᠠᠶᠠᠯᠭᠤᠨ ᠤ᠋ ᠪᠠᠢᠳᠠᠯ᠂ ᠣᠢᠷᠠᠳ ᠠᠶᠠᠯᠭᠤᠨ ᠤ᠋ ᠥᠪᠡᠷᠮᠢᠴᠡ ᠦᠭᠡᠰ ᠵᠢᠴᠢ ᠴᠢᠩ ᠤᠯᠤᠰ ᠤ᠋ᠨ ᠦᠶ᠎ᠡ ᠳ᠋ᠤ᠌ ᠬᠡᠷᠡᠭᠯᠡᠵᠦ ᠪᠠᠢᠭᠰᠠᠨ ᠲᠣᠳᠤ ᠦᠰᠦᠭ ᠤ᠋ᠨ ᠬᠡᠯᠡ ᠵᠦᠢ᠂ ᠳᠦᠷᠰᠦ ᠪᠣᠯᠤᠨ ᠪᠢᠴᠢᠯᠭᠡ ᠵᠢᠷᠤᠯᠭ᠎ᠠ ᠶ᠋ᠢ ᠣᠢᠯᠠᠭᠠᠵᠤ ᠰᠤᠳᠤᠯᠬᠤ ᠳ᠋ᠤ᠌ ᠦᠨ᠎ᠡ ᠴᠡᠨ᠎ᠡ ᠲᠡᠢ ᠮᠠᠲ᠋ᠧᠷᠢᠶᠠᠯ ᠪᠣᠯᠬᠤ ᠪᠡᠷ ᠪᠠᠷᠠᠬᠤ ᠦᠭᠡᠢ ᠬᠡᠯᠡ ᠰᠢᠨᠵᠢᠯᠡᠯ᠂ ᠣᠷᠴᠢᠭᠤᠯᠭ᠎ᠠ᠂ ᠨᠡᠷ᠎ᠡ ᠲᠣᠮᠢᠶᠠᠨ ᠤ᠋ ᠰᠤᠳᠤᠯᠤᠯ ᠳ᠋ᠤ᠌ ᠴᠦ᠍ ᠲᠤᠲᠠᠭᠳᠠᠵᠤ ᠪᠣᠯᠤᠰᠢ ᠦᠭᠡᠢ ᠡᠬᠡ ᠬᠡᠷᠡᠭᠯᠡᠭᠳᠡᠬᠦᠨ ᠪᠣᠯᠬᠤ ᠶᠤᠮ᠃ ᠮᠥᠨ ᠴᠦ᠍ ᠲᠤᠬᠠᠢ ᠶ᠋ᠢᠨ ᠦᠶ᠎ᠡ ᠶ᠋ᠢᠨ ᠬᠤᠳᠤᠮ- ᠲᠣᠳᠤ ᠦᠰᠦᠭ ᠦ᠋ᠨ ᠬᠠᠷᠢᠴᠠᠭᠤᠯᠤᠯ᠂ ᠮᠠᠨᠵᠤ- ᠲᠣᠳᠤ᠂ ᠬᠢᠲᠠᠳ- ᠲᠣᠳᠤ ᠶ᠋ᠢᠨ ᠣᠷᠴᠢᠭᠤᠯᠭ᠎ᠠ ᠳ᠋ᠤ᠌ ᠦᠭᠡ ᠶ᠋ᠢᠨ ᠤᠳᠭ᠎ᠠ ᠤᠴᠢᠷ ᠪᠣᠯᠤᠨ ᠬᠡᠷᠡᠭᠯᠡᠵᠦ ᠪᠠᠢᠭᠰᠠᠨ ᠪᠠᠢᠳᠠᠯ ᠢ᠋ ᠰᠤᠳᠤᠯᠬᠤ ᠳ᠋ᠤ᠌ ᠴᠢᠬᠤᠯᠠ ᠶᠡᠬᠡ ᠡᠷᠳᠡᠮ ᠰᠢᠨᠵᠢᠯᠡᠭᠡᠨ ᠤ᠋ ᠠᠴᠢ ᠬᠣᠯᠪᠤᠭᠳᠠᠯ ᠲᠠᠢ ᠶᠤᠮ᠃