ᠲᠣᠳᠤ ᠦᠰᠦᠭ ᠢ᠋ 1648 ᠣᠨ ᠳ᠋ᠤ᠌ ᠬᠣᠱᠤᠳ ᠤ᠋ᠨ ᠠᠯᠳᠠᠷᠲᠦ ᠷᠠᠪᠵᠠᠮᠪᠠ ᠽᠠᠶ᠎ᠠ ᠪᠠᠨᠳᠢᠳᠠ ᠨᠠᠮᠬᠠᠢᠵᠠᠮᠰᠤ ᠵᠣᠬᠢᠶᠠᠵᠤ᠂ ᠣᠳᠣ ᠪᠣᠯᠲᠠᠯ᠎ᠠ 360 ᠭᠠᠷᠤᠢ ᠵᠢᠯ ᠤ᠋ᠨ ᠲᠡᠦᠬᠡ ᠲᠡᠢ ᠪᠣᠯᠪᠠ᠃ ᠤᠢᠭᠤᠷᠵᠢᠨ ᠮᠣᠩᠭᠤᠯ ᠦᠰᠦᠭ ᠢ᠋ ᠭᠠᠷᠭᠠᠪᠠᠯ᠂ ᠲᠣᠳᠤ ᠦᠰᠦᠭ ᠪᠣᠯ ᠮᠣᠩᠭᠤᠯᠴᠤᠳ ᠤ᠋ᠨ ᠳᠤᠮᠳᠠ ᠬᠠᠮᠤᠭ ᠤ᠋ᠨ ᠥᠷᠭᠡᠨ ᠬᠡᠪᠴᠢᠶ᠎ᠠ ᠪᠡᠷ ᠬᠡᠷᠡᠭᠯᠡᠭᠳᠡᠭᠰᠡᠨ ᠦᠰᠦᠭ ᠪᠢᠴᠢᠭ ᠶᠤᠮ᠃ ᠬᠠᠯᠢᠮᠠᠭᠴᠤᠳ᠂ ᠮᠣᠩᠭᠤᠯ ᠤᠯᠤᠰ ᠤ᠋ᠨ ᠪᠠᠷᠠᠭᠤᠨ ᠠᠢᠮᠠᠭ ᠤ᠋ᠨ ᠬᠣᠪᠲᠦ᠂ ᠣᠪᠰᠤ ᠠᠢᠮᠠᠭ ᠤ᠋ᠨ ᠣᠢᠷᠠᠳᠴᠤᠳ᠂ ᠵᠢᠴᠢ ᠳᠤᠮᠳᠠᠳᠤ ᠤᠯᠤᠰ ᠤ᠋ᠨ ᠰᠢᠨᠵᠢᠶᠠᠩ ᠳ᠋ᠤ᠌ ᠠᠮᠢᠳᠤᠷᠠᠵᠤ ᠪᠠᠢᠭ᠎ᠠ ᠮᠣᠩᠭᠤᠯᠴᠤᠳ ᠴᠥᠮ ᠲᠣᠳᠤ ᠦᠰᠦᠭ ᠢ᠋ ᠬᠡᠷᠡᠭᠯᠡᠵᠦ ᠪᠠᠢᠨ᠎ᠠ᠃ ᠣᠳᠣ ᠪᠣᠯᠲᠠᠯ᠎ᠠ ᠲᠣᠳᠤ ᠦᠰᠦᠭ ᠤ᠋ᠨ ᠲᠣᠩ ᠠᠷᠪᠢᠨ ᠰᠤᠷᠪᠤᠯᠵᠢ ᠪᠢᠴᠢᠭ ᠤ᠋ᠳ ᠦᠯᠡᠳᠡᠭᠳᠡᠵᠦ ᠢᠷᠡᠭᠰᠡᠨ ᠶᠤᠮ᠃ ᠳᠤᠮᠳᠠᠳᠤ ᠤᠯᠤᠰ ᠤ᠋ᠨ ᠠᠷᠠᠳ ᠤ᠋ᠨ ᠶᠡᠬᠡ ᠰᠤᠷᠭᠠᠭᠤᠯᠢ ᠶ᠋ᠢᠨ ᠤᠯᠤᠰ ᠤ᠋ᠨ ᠡᠷᠳᠡᠮ ᠦ᠋ᠨ ᠳᠡᠭᠡᠳᠦ ᠰᠤᠷᠭᠠᠭᠤᠯᠢ ᠶ᠋ᠢᠨ ᠪᠠᠷᠠᠭᠤᠨ ᠬᠢᠵᠠᠭᠠᠷ ᠤ᠋ᠨ ᠲᠡᠦᠬᠡ ᠬᠡᠯᠡ ᠰᠤᠳᠤᠯᠬᠤ ᠭᠠᠵᠠᠷ ᠤ᠋ᠨ ᠣᠢᠷᠠᠳ ᠰᠤᠳᠤᠯᠤᠯ • ᠲᠣᠳᠤ ᠰᠤᠳᠤᠯᠤᠯ ᠤ᠋ᠨ ᠲᠥᠪ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠪᠣᠯᠤᠨ《 ᠭᠡᠰᠡᠷ》 ᠢ᠋ ᠴᠤᠭᠯᠠᠭᠤᠯᠤᠨ ᠡᠮᠬᠢᠳᠭᠡᠵᠦ ᠰᠤᠳᠤᠯᠬᠤ ᠭᠠᠵᠠᠷ ᠬᠠᠮᠲᠤᠷᠠᠨ ᠨᠠᠢᠷᠠᠭᠤᠯᠵᠤ᠂ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶ᠎ᠠ ᠬᠡᠪᠯᠡᠭᠦᠯᠵᠡᠢ᠃ ᠲᠥᠪ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠤ᠋ᠨ ᠫᠷᠣᠹᠧᠰᠰᠣᠷ ᠮᠢᠩᠭᠠᠳ• ᠡᠷᠳᠡᠮᠲᠦ 2000-2015ᠣᠨ ᠤ᠋ ᠬᠣᠭᠤᠷᠤᠨᠳᠤ ᠢᠯᠢ ᠶ᠋ᠢᠨ ᠭᠣᠣᠯ ᠤ᠋ᠨ ᠤᠷᠤᠰᠭᠠᠯ ᠳᠠᠭᠠᠤ ᠣᠷᠤᠨ ᠢ᠋ᠶ᠋ᠡᠷ ᠶᠠᠪᠤᠵᠤ ᠬᠡᠭᠡᠷ᠎ᠡ ᠶ᠋ᠢᠨ ᠰᠢᠨᠵᠢᠯᠡᠭᠡᠨ ᠬᠢᠭᠰᠡᠨ ᠤ᠋ ᠰᠠᠭᠤᠷᠢᠨ ᠳᠡᠭᠡᠷ᠎ᠡ ᠬᠡᠪᠯᠡᠭᠦᠯᠵᠦ ᠪᠠᠢᠭ᠎ᠠ ᠨᠢ ᠡᠨᠡ ᠶᠤᠮ᠃ ᠲᠤᠰ ᠴᠢᠭᠤᠯᠭᠠᠨ ᠬᠡᠯᠡ᠂ ᠤᠷᠠᠨ ᠵᠣᠬᠢᠶᠠᠯ᠂ ᠲᠡᠦᠬᠡ᠂ ᠱᠠᠰᠢᠨ᠂ ᠠᠨᠠᠭᠠᠬᠤ ᠤᠬᠠᠭᠠᠨ ᠵᠡᠷᠭᠡ ᠠᠭᠤᠯᠭ᠎ᠠ ᠶ᠋ᠢ ᠬᠠᠮᠤᠷᠴᠦ᠂ ᠭᠡᠷᠡᠯ ᠵᠢᠷᠤᠭ ᠤ᠋ᠨ ᠬᠡᠯᠪᠡᠷᠢ ᠪᠡᠷ ᠪᠦᠭᠦᠳᠡ 50 ᠪᠣᠳᠢ ᠬᠡᠪᠯᠡᠭᠦᠯᠵᠡᠢ᠃ ᠲᠤᠰ ᠴᠤᠪᠤᠷᠠᠯ ᠪᠣᠯ ᠣᠯᠠᠨ ᠤᠯᠤᠰ ᠤ᠋ᠨ ᠮᠣᠩᠭᠤᠯ ᠤ᠋ᠨ ᠰᠤᠳᠤᠯᠤᠯ ᠤ᠋ᠨ ᠬᠦᠷᠢᠶ᠎ᠡ ᠴᠠᠷᠠᠭᠠᠨ ᠳ᠋ᠤ᠌ ᠲᠣᠳᠤ ᠦᠰᠦᠭ ᠤ᠋ᠨ ᠰᠤᠷᠪᠤᠯᠵᠢ ᠪᠢᠴᠢᠭ ᠢ᠋ ᠴᠤᠭᠯᠠᠭᠤᠯᠵᠤ ᠡᠮᠬᠢᠳᠭᠡᠭᠰᠡᠨ ᠬᠠᠮᠤᠭ ᠤ᠋ᠨ ᠲᠣᠮᠤ ᠠᠮᠵᠢᠯᠲᠠ᠂ ᠮᠥᠨ ᠴᠦ᠍ ᠠᠷᠠᠳ ᠤ᠋ᠨ ᠳᠤᠮᠳᠠ ᠬᠠᠳᠠᠭᠠᠯᠠᠭᠳᠠᠵᠤ ᠪᠠᠢᠭᠰᠠᠨ ᠰᠤᠷᠪᠤᠯᠵᠢ ᠪᠢᠴᠢᠭ ᠢ᠋ ᠴᠤᠭᠯᠠᠭᠤᠯᠵᠤ ᠡᠮᠬᠢᠳᠭᠡᠭᠰᠡᠨ ᠠᠮᠵᠢᠯᠲᠠ ᠪᠦᠲᠦᠭᠡᠯ ᠪᠣᠯᠬᠤ ᠶᠤᠮ᠃