ᠰᠤᠳᠤᠷ ᠤᠨ ᠨᠢᠭᠤᠷ ᠲᠦ 《 ᠠᠷᠪᠠᠨ ᠵᠦᠭ ᠦᠨ ᠡᠵᠡᠨ ᠭᠡᠰᠡᠷ ᠬᠠᠬᠠᠨ ᠤ ᠲᠤᠬᠤᠵᠢ ᠤᠷᠤᠰᠢᠪᠠ 》 ᠬᠡᠮᠡᠨ ᠪᠢᠴᠢᠵᠦ ᠪᠣᠢ᠃ ᠴᠢᠩ ᠤᠯᠤᠰ ᠤᠨ ᠡᠩᠬᠡ ᠠᠮᠤᠭᠤᠯᠠᠩ ᠤᠨ ᠲᠠᠪᠢᠨ ᠲᠠᠪᠤᠳᠤᠭᠠᠷ ᠣᠨ ᠤᠯᠠᠭᠠᠨ ᠪᠡᠴᠢᠨ ᠵᠢᠯ ( 1716 ᠣᠨ ) ᠦᠨ ᠪᠡᠭᠡᠵᠢᠩ ᠮᠣᠳᠣᠨ ᠪᠠᠷ᠃ 1 ᠪᠣᠳᠢ 354 ᠨᠢᠭᠤᠷ᠃ ᠴᠠᠭᠠᠰᠤ᠂ ᠰᠤᠳᠤᠷ᠂ ᠬᠢᠴᠢᠶᠡᠩᠭᠦᠢ ᠲᠢᠭ᠂ ᠪᠡᠬᠡ ᠃ ᠬᠠᠭᠤᠳᠠᠰᠤᠨ ᠤ ᠬᠡᠮᠵᠢᠶ᠎ᠡ 53.13cm×16.15cm ᠃ ᠬᠠᠭᠤᠳᠠᠰᠤᠨ ᠤ ᠨᠢᠭᠤᠷ ᠲᠠᠯ᠎ᠠ ᠶᠢᠨ ᠵᠠᠬ᠎ᠠ ᠶᠢᠨ ᠵᠠᠢ ᠳᠤ《三国志》 ᠭᠡᠰᠡᠨ ᠬᠢᠲᠠᠳ ᠦᠰᠦᠭ ᠲᠠᠢ᠂ ᠲᠢᠳᠠᠮ ᠵᠢᠷᠤᠭ ᠪᠠ ᠲᠠᠭᠠᠯᠲᠠ ᠵᠢᠷᠤᠭ ᠲᠠᠢ᠃ ᠡᠳᠦᠭᠡ ᠪᠡᠭᠡᠵᠢᠩ ᠦᠨ ᠨᠣᠮ ᠤᠨ ᠰᠠᠩ᠂ ᠥᠪᠥᠷ ᠮᠤᠩᠭᠤᠯ ᠤᠨ ᠨᠤᠮ ᠤᠨ ᠰᠡᠡᠭ᠂ ᠤᠢᠪᠦᠷ ᠮᠤᠩᠭᠤᠯ ᠤᠨ ᠶᠡᠭᠡ ᠰᠤᠷᠭᠠᠭᠤᠯᠢ ᠵᠢᠠ ᠨᠤᠮ ᠤᠨ ᠰᠡᠡᠭ᠂ ᠤᠢᠪᠦᠷ ᠮᠤᠩᠭᠤᠯ ᠤᠨ ᠨᠡᠢᠭᠡᠮ ᠤᠨ ᠰᠢᠡᠵᠢᠯᠡᠬᠦ ᠤᠬᠠᠭᠠᠠ ᠤ ᠬᠦᠷᠢᠶᠡᠯᠡᠡᠭ ᠤᠨ ᠨᠤᠮ ᠤᠨ ᠰᠡᠡᠭ᠂ ᠮᠤᠩᠭᠤᠯ ᠤᠯᠦᠰ ᠤᠨ ᠦᠨᠳᠦᠰᠦᠨ ᠦ ᠨᠤᠮ ᠤᠨ ᠰᠡᠡᠭ ᠪᠤᠯᠦᠠ ᠬᠤᠪᠢ ᠬᠦᠮᠦᠠ ᠤ ᠭᠠᠷ ᠲᠦ ᠬᠠᠳᠠᠭᠠᠯᠠᠭᠳᠠᠵᠤ ᠪᠤᠢ᠃ ᠪᠦᠷᠢᠨ᠃
ᠲᠤᠰ ᠲᠤᠭᠤᠵᠢ ᠳᠤ᠄
1.ᠠᠷᠪᠡᠠ ᠵᠦᠭ ᠤᠨ ᠠᠷᠪᠠᠨ ᠬᠣᠣᠷ᠎ᠠ ᠢᠨ ᠦᠨᠳᠦᠰᠦᠨ ᠢ ᠲᠠᠰᠤᠯᠤᠭᠰᠠᠨ ᠠᠴᠢᠲᠤ ᠪᠤᠭᠳᠠ ᠮᠡᠷᠭᠡᠨ ᠭᠡᠰᠡᠷ ᠬᠠᠭᠠᠨ ᠠᠯᠳᠡᠷᠰᠢᠠ ᠲᠠᠭᠤᠷᠢᠰᠤᠭᠰᠠᠨ ᠲᠡᠷᠢᠭᠦᠨ ᠪᠦᠯᠦᠭ
2.ᠠᠷᠪᠠᠨ ᠵᠦᠭ ᠦᠨ ᠡᠵᠡᠨ ᠭᠤᠴᠢᠨ ᠪᠠᠭᠠᠲᠤᠷ ᠢᠠᠨ ᠲᠠᠭᠠᠭᠤᠯᠵᠤ ᠤᠮᠠᠷ᠎ᠠ ᠵᠦᠭ ᠲᠡᠬᠢ ᠠᠭᠤᠯᠠ ᠢᠨ ᠴᠢᠨᠡᠭᠡᠨ ᠬᠠᠷ᠎ᠠ ᠡᠷᠢᠶᠡᠨ ᠪᠠᠷᠰ ᠮᠠᠩᠭᠤᠰ ᠤᠨ ᠬᠤᠪᠢᠯᠭᠠᠨ ᠢ ᠠᠯᠠᠭᠰᠠᠨ ᠨᠥᠭᠦᠭᠡ ᠪᠦᠯᠦᠭ
3. ᠬᠢᠳᠡᠦᠠ ᠤᠨ ᠬᠦᠮᠠ ᠬᠠᠭᠠᠠ ᠤ ᠲᠤᠢᠷᠦ ᠵᠢ ᠵᠠᠰᠠᠭᠰᠠᠨ ᠭᠤᠲᠠᠭᠠᠷ ᠪᠦᠯᠦᠭ
4.ᠠᠷᠪᠠᠨ ᠬᠣᠶᠠᠷ ᠲᠣᠯᠣᠭᠠᠢᠲᠤ ᠮᠠᠩᠭᠤᠰ ᠤᠨ ᠠᠯᠢᠪᠠ ᠲᠥᠷᠥᠯ ᠲᠠᠢ ᠢᠢ ᠲᠠᠰᠤᠯᠵᠤ ᠠᠷᠠᠯᠤ ᠭᠤᠸ᠎ᠠ ᠬᠠᠲᠤᠨ ᠢᠠᠨ ᠠᠪᠴᠤ ᠠᠯᠲᠠᠨ ᠰᠤᠪᠤᠷᠭᠠᠨ ᠢ ᠲᠡᠷᠭᠡᠲᠡ ᠠᠮᠦᠷᠯᠢᠠ ᠰᠡᠭᠤᠭᠰᠡᠠ ᠳᠥᠲᠥᠭᠡᠷ ᠪᠦᠯᠦᠭ
5.ᠰᠢᠷᠡᠢᠬᠤᠯ ᠤᠨ ᠭᠤᠷᠪᠡᠠ ᠬᠠᠠ ᠤ ᠲᠤᠢᠷᠦ ᠵᠢ ᠠᠪᠤᠭᠰᠠᠨ ᠲᠠᠪᠤᠳᠤᠭᠠᠷ ᠪᠦᠯᠦᠭ
6. ᠮᠠᠩᠭᠤᠰ ᠤᠨ ᠠᠷᠪᠠᠨ ᠬᠦᠴᠦᠨ ᠲᠡᠭᠦᠰᠦᠭᠰᠡᠨ ᠪᠯᠠᠮ᠎ᠠ ᠢᠨ ᠨᠢᠭᠡᠨ ᠬᠤᠪᠢᠯᠭᠠᠠ ᠢ ᠠᠯᠠᠭᠰᠠᠨ ᠵᠢᠷᠭᠤᠳᠤᠭᠠᠷ ᠪᠦᠯᠦᠭ
7.ᠠᠷᠪᠡᠠ ᠵᠦᠭ ᠤᠨ ᠠᠷᠪᠠᠨ ᠬᠣᠣᠷ᠎ᠠ ᠢᠨ ᠦᠨᠳᠦᠰᠦᠨ ᠢ ᠲᠠᠰᠤᠯᠤᠭᠰᠠᠨ ᠠᠴᠢᠲᠤ ᠪᠤᠭᠳᠠ ᠭᠡᠰᠡᠷ ᠮᠡᠷᠭᠡᠨ ᠬᠠᠭᠠᠨ ᠬᠠᠮᠤᠭ ᠲᠠᠢᠰᠤᠨ ᠢ ᠳᠣᠷᠣᠢᠲᠠᠭᠤᠯᠵᠤ ᠬᠠᠮᠤᠭ ᠠᠮᠢᠲᠠᠨ ᠢ ᠵᠢᠷᠭᠠᠭᠤᠯᠤᠭᠰᠠᠨ ᠳᠣᠯᠣᠳᠤᠭᠠᠷ ᠪᠦᠯᠦᠭ ᠲᠠᠢ᠃