ᠰᠤᠳᠤᠷ ᠤᠨ ᠨᠢᠭᠤᠷ ᠲᠤ 《ᠠᠷᠪᠠᠨ ᠵᠦᠭ ᠦᠨ ᠡᠵᠢᠨ ᠠᠷᠪᠠᠨ ᠬᠣᠣᠷᠤᠢᠨ ᠦᠨᠳᠦᠰᠦᠨ ᠢ ᠲᠠᠰᠤᠯᠤᠨ ᠲᠥᠷᠥᠭᠰᠡᠨ ᠠᠶᠤᠬᠤ ᠮᠡᠲᠦ ᠠᠴᠢᠲᠦ ᠪᠣᠭᠳᠠ ᠮᠡᠷᠭᠡᠨ ᠭᠡᠰᠡᠷ ᠬᠠᠭᠠᠨ ᠠᠷᠪᠠᠨ ᠬᠦᠴᠦᠨ ᠲᠡᠭᠦᠰᠦ ᠭᠰᠡᠨ᠃ ᠃ ᠠᠶᠤᠬᠤ ᠮᠡᠲᠦ ᠮᠡᠷᠭᠡᠨ ᠭᠡᠰᠡᠷ ᠬᠠᠭᠠᠨ ᠤ ᠲᠡᠷᠢᠭᠦᠨ ᠪᠦᠯᠦᠭᠡ 》ᠬᠡᠮᠡᠨ ᠪᠢᠴᠢᠵᠦ ᠪᠣᠢ᠃ ᠴᠢᠩ ᠤᠯᠤᠰ ᠤᠨ ᠦᠶ᠎ᠡ ᠶᠢᠨ ᠬᠤᠯᠤᠰᠤᠨ ᠦᠵᠦᠭ ᠦᠨ ᠪᠢᠴᠢᠮᠡᠯ᠃ 1 ᠪᠣᠳᠢ 506 ᠨᠢᠭᠤᠷ᠃ ᠴᠠᠭᠠᠰᠤ᠂ ᠰᠤᠳᠤᠷ᠂ ᠬᠢᠴᠢᠶᠡᠩᠭᠦᠢ ᠲᠢᠭ᠂ ᠪᠡᠬᠡ᠃ ᠬᠠᠭᠤᠳᠠᠰᠤᠨ ᠤ ᠬᠡᠮᠵᠢᠶ᠎ᠡ 48.59cm×14.59 cm᠃ ᠪᠤᠳᠤᠭᠲᠤ ᠵᠢᠷᠤᠭ ᠲᠠᠢ᠃ 1956 ᠣᠨ ᠳᠤ ᠤᠤᠯ ᠤᠨ ᠣᠷᠳᠣᠰ ᠤᠨ ᠵᠠᠰᠠᠭ ᠬᠤᠰᠢᠭᠤᠨ ᠠᠴᠠ ᠣᠯᠵᠤ ᠢᠷᠡᠪᠡ᠃ ᠡᠳᠦᠭᠡ ᠥᠪᠥᠷ ᠮᠣᠩᠭᠤᠯ ᠤᠨ ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ ᠦᠨ ᠨᠣᠮ ᠤᠨ ᠰᠠᠩ ᠳᠦ ᠬᠠᠳᠠᠭᠠᠯᠠᠭᠳᠠᠵᠤ ᠪᠣᠢ᠃ ᠳᠦᠷᠪᠡᠳᠦᠭᠡᠷ ᠪᠦᠯᠦᠭ ᠦᠨ ᠨᠢᠭᠡᠳᠦᠭᠡᠷ ᠬᠠᠭᠤᠳᠠᠰᠤᠨ ᠤ ᠲᠡᠭᠡᠳᠦ ᠳᠣᠣᠷᠠᠳᠤ ᠲᠠᠯ᠎ᠠ ᠳᠤᠲᠠᠭᠤ ᠂ ᠶᠢᠰᠦᠳᠦᠭᠡᠷ ᠪᠦᠯᠦᠭ ᠨᠢ ᠵᠥᠪᠬᠡᠨ ᠬᠣᠶᠠᠷ ᠬᠠᠭᠤᠳᠠᠰᠤ ᠲᠠᠢ ᠪᠦᠭᠡᠳ ᠬᠣᠢᠨ᠎ᠠ ᠠᠴᠠ ᠪᠠᠨ ᠲᠤᠲᠠᠭᠤ᠃
ᠪᠠᠢᠭ᠎ᠠ ᠨᠢ᠄
1.ᠠᠷᠪᠠᠨ ᠵᠦᠭ ᠦᠨ ᠠᠷᠪᠠᠨ ᠬᠣᠣᠷ᠎ᠠ ᠶᠢᠨ ᠦᠨᠳᠦᠰᠦᠨ ᠢ ᠲᠠᠰᠤᠯᠤᠨ ᠲᠥᠷᠥᠭᠰᠡᠨ ᠠᠶᠤᠬᠤ ᠮᠡᠲᠦ ᠠᠴᠢᠲᠦ ᠪᠣᠭᠳᠠ ᠮᠡᠷᠭᠡᠨ ᠭᠡᠰᠡᠷ ᠬᠠᠭᠠᠨ ᠤ ᠲᠡᠷᠢᠭᠦᠨ ᠪᠦᠯᠦᠭ
2.ᠠᠷᠪᠠᠨ ᠵᠦᠭ ᠦᠨ ᠡᠵᠡᠨ ᠠᠴᠢᠲᠦ ᠪᠣᠭᠳᠠ ᠬᠠᠭᠠᠨ ᠠᠭᠤᠯᠠ ᠶᠢᠨ ᠴᠢᠨᠡᠭᠡᠨ ᠬᠠᠷ᠎ᠠ ᠡᠷᠢᠶᠡᠨ ᠪᠠᠷᠰ ᠢ ᠠᠯᠠᠭᠰᠠᠨ ᠨᠢᠭᠡᠨ ᠲᠡᠳ᠋ ᠪᠦᠯᠦᠭ
3.ᠠᠷᠪᠠᠨ ᠵᠦᠭ ᠦᠨ ᠡᠵᠡᠨ ᠭᠡᠰᠡᠷ ᠬᠠᠭᠠᠨ ᠠᠯᠦ ᠮᠡᠷᠭᠡᠨ ᠬᠠᠲᠤᠨ ᠢᠶᠠᠨ ᠠᠪᠤᠭᠰᠠᠨ ᠭᠤᠳᠠᠭᠠᠷ ᠪᠦᠯᠦᠭ
4. ᠪᠣᠭᠳᠠ ᠡᠵᠡᠨ ᠭᠡᠰᠡᠷ ᠬᠠᠭᠠᠨ ᠬᠢᠲᠠᠳ ᠤᠨ ᠭᠦᠮ᠎ᠡ ᠬᠠᠭᠠᠨ ᠤ ᠲᠥᠷᠥ ᠶᠢ ᠵᠠᠰᠠᠭᠰᠠᠨ ᠳᠦᠷᠪᠡᠳᠦᠭᠡᠷ ᠪᠦᠯᠦᠭ
5.ᠠᠷᠪᠠᠨ ᠬᠤᠶᠠᠷ ᠲᠤᠯᠤᠭᠠᠢᠲᠦ ᠮᠠᠩᠭᠤᠰ ᠢ ᠲᠠᠷᠤᠵᠤ ᠠᠷᠠᠯᠤ ᠭᠤᠸ᠎ᠠ ᠬᠠᠲᠤᠨ ᠢᠶᠠᠨ ᠠᠪᠤᠭᠰᠠᠨ ᠲᠠᠪᠤᠳᠤᠭᠠᠷ ᠪᠦᠯᠦᠭ
6.ᠠᠷᠪᠠᠨ ᠵᠦᠭ ᠦᠨ ᠡᠵᠡᠨ ᠠᠴᠢᠲᠦ ᠪᠣᠭᠳᠠ ᠭᠡᠰᠡᠷ ᠬᠠᠭᠠᠨ ᠬᠠᠷ᠎ᠠ ᠬᠡᠷᠲᠦ ᠬᠠᠭᠠᠨ ᠲᠡᠷᠢᠭᠦᠲᠡᠨ ᠭᠤᠷᠪᠠᠨ ᠬᠠᠭᠠᠨ ᠤ ᠲᠥᠷᠥ ᠶᠢ ᠠᠪᠤᠭᠰᠠᠨ ᠵᠢᠷᠭᠤᠳᠤᠭᠠᠷ ᠪᠦᠯᠦᠭ
7.ᠬᠠᠷ᠎ᠠ ᠭᠡᠷᠲᠦ ᠬᠠᠭᠠᠨ ᠲᠡᠷᠢᠭᠦᠲᠡᠨ ᠭᠤᠷᠪᠡᠠ ᠬᠠᠭᠠᠠ ᠦ ᠲᠥᠷᠦ ᠵᠢ ᠠᠪᠴᠦ ᠥᠨᠦᠴᠢᠨ ᠪᠦᠬᠦᠳᠠ ᠪᠡᠠ ᠲᠡᠭᠰᠢ ᠵᠢᠷᠭᠠᠭᠤᠯᠤᠭᠰᠠᠨ ᠳᠣᠯᠣᠳᠤᠭᠠᠷ ᠪᠦᠯᠦᠭ
8.ᠬᠠᠷ᠎ᠠ ᠭᠡᠷᠲᠦ ᠬᠠᠭᠠᠨ ᠲᠡᠷᠢᠭᠦᠲᠡᠨ ᠭᠤᠷᠪᠡᠠ ᠬᠠᠭᠠᠠ ᠦ ᠲᠥᠷᠦ ᠵᠢ ᠠᠪᠴᠦ ᠲᠡᠭᠷᠢ ᠨᠡᠷ ᠤᠨ ᠵᠢᠷᠭᠠᠯ ᠵᠢᠡᠷ ᠵᠢᠷᠭᠠᠭᠰᠡᠠ ᠨᠠᠢ᠍ᠮᠠᠳᠤᠭᠠᠷ ᠪᠦᠯᠦᠭ
9.ᠮᠡᠩᠭᠤᠰ ᠤᠨ ᠠᠷᠪᠡᠠ ᠬᠦᠴᠦᠠ ᠲᠡᠭᠦᠰᠦᠭᠰᠡᠨ ᠬᠤᠪᠢᠯᠭᠠᠠ ᠯᠡᠮᠠ ᠵᠢ ᠠᠯᠠᠭᠰᠠᠨ ᠶᠢᠰᠦᠳᠦᠭᠡᠷ ᠪᠦᠯᠦᠭ
10.ᠠᠷᠪᠡᠠ ᠵᠦᠭ ᠤᠨ ᠡᠵᠡᠠ ᠭᠡᠰᠡᠷ ᠬᠠᠭᠠᠠ ᠠᠴᠢᠳᠦ ᠡᠭᠡ ᠪᠡᠠ ᠲᠡᠮᠦ ᠡᠴᠠ ᠠᠪᠤᠷᠠᠭᠰᠠᠨ ᠠᠷᠪᠠᠳᠤᠭᠠᠷ ᠪᠦᠯᠦᠭ
11.ᠲᠡᠢᠠ ᠳᠦ ᠡᠨᠳᠡᠭᠰᠡᠨ ᠪᠡᠭᠠᠳᠦᠷᠴᠤᠤᠠ ᠵᠢᠡᠠ ᠡᠳᠡᠭᠡᠭᠡᠵᠦ ᠠᠪᠤᠭᠰᠠᠨ ᠠᠷᠪᠠᠨ ᠨᠢᠭᠡᠳᠦᠭᠡᠷ ᠪᠦᠯᠦᠭ
12.ᠠᠷᠪᠡᠠ ᠵᠦᠭ ᠤᠨ ᠡᠵᠡᠠ ᠭᠡᠰᠡᠷ ᠬᠠᠭᠠᠠ ᠠᠩᠳᠦᠯᠮᠦ ᠬᠠᠭᠠᠠ ᠢ᠋ ᠲᠠᠷᠤᠭᠰᠠᠨ ᠠᠷᠪᠠᠨ ᠬᠣᠶᠠᠳᠤᠭᠠᠷ ᠪᠦᠯᠦᠭ
13.ᠠᠷᠪᠡᠠ ᠵᠦᠭ ᠤᠨ ᠡᠵᠡᠠ ᠭᠡᠰᠡᠷ ᠬᠠᠭᠠᠠ ᠯᠤᠪᠰᠡᠬᠠ ᠮᠡᠩᠭᠤᠰ ᠢ᠋ ᠠᠯᠠᠭᠰᠠᠨ ᠠᠷᠪᠠᠨ ᠭᠤᠷᠪᠠᠳᠤᠭᠠᠷ ᠪᠦᠯᠦᠭ ᠭᠡᠬᠦ ᠠᠷᠪᠠᠨ ᠭᠤᠷᠪᠠᠨ ᠪᠦᠯᠦᠭ ᠲᠡᠢ᠃