ᠰᠤᠳᠤᠷ ᠤᠨ ᠨᠢᠭᠤᠷ ᠲᠤ 《ᠠᠷᠪᠠᠨ ᠵᠦᠭ ᠦᠨ ᠡᠵᠡᠨ ᠭᠡᠰᠡᠷ ᠬᠠᠭᠠᠨ ᠤ ᠲᠤᠭᠤᠵᠢ ᠣᠷᠣᠰᠢᠪᠠ᠂》 ᠬᠡᠮᠡᠨ ᠪᠢᠴᠢᠵᠦ ᠪᠣᠢ᠃ ᠴᠢᠩ ᠤᠯᠤᠰ ᠤᠨ ᠦᠶ᠎ᠡ ᠶᠢᠨ ᠬᠤᠯᠤᠰᠤᠨ ᠦᠵᠦᠭ ᠦᠨ ᠪᠢᠴᠢᠮᠡᠯ᠃ 1 ᠪᠣᠳᠢ 320 ᠨᠢᠭᠤᠷ᠃ ᠴᠠᠭᠠᠰᠤ᠂ ᠰᠤᠳᠤᠷ᠂ ᠬᠢᠴᠢᠶᠡᠩᠭᠦᠢ ᠲᠢᠭ᠂ ᠪᠡᠬᠡ᠃ ᠬᠠᠭᠤᠳᠠᠰᠤᠨ ᠤ ᠬᠡᠮᠵᠢᠶ᠎ᠡ 58.39cm×16.74 cm᠃ 1930 ᠣᠨ ᠤ ᠦᠶ᠎ᠡ ᠪᠡᠷ ᠮᠣᠩᠭᠤᠯ ᠤᠯᠤᠰ ᠤᠨ ᠠᠷᠤ ᠬᠠᠩᠭᠠᠢ ᠠᠢᠮᠠᠭ ᠠᠴᠠ ᠣᠯᠪᠠ᠃ ᠡᠳᠦᠭᠡ ᠮᠣᠩᠭᠤᠯ ᠤᠯᠤᠰ ᠤᠨ ᠦᠨᠳᠦᠰᠦᠨ ᠦ ᠨᠣᠮ ᠤᠨ ᠰᠠᠩ ᠳᠤ ᠬᠠᠳᠠᠭᠠᠯᠠᠭᠳᠠᠵᠤ ᠪᠣᠢ᠃ ᠪᠦᠷᠢᠨ᠃
ᠲᠤᠰ ᠲᠤᠭᠤᠵᠢ ᠳᠤ᠄
1.ᠠᠷᠪᠠᠨ ᠵᠦᠭ ᠤᠨ ᠠᠷᠪᠠᠨ ᠬᠣᠣᠷ᠎ᠠ ᠶ᠋ᠢᠨ ᠦᠨᠳᠦᠰᠦᠨ ᠢ᠋ ᠲᠠᠰᠤᠯᠤᠭᠰᠠᠨ ᠠᠴᠢᠳᠤ ᠪᠤᠭᠳᠠ ᠮᠡᠷᠭᠡᠨ ᠭᠡᠰᠡᠷ ᠬᠠᠭᠠᠨ ᠤ ᠠᠯᠳᠠᠷᠰᠢᠨ ᠲᠠᠭᠤᠷᠢᠰᠤᠭᠰᠠᠨ ᠲᠡᠷᠢᠭᠦᠨ ᠪᠦᠯᠦᠭ
2.ᠠᠷᠪᠠᠨ ᠵᠦᠭ ᠤᠨ ᠡᠵᠡᠨ ᠭᠡᠰᠡᠷ ᠬᠠᠭᠠᠨ ᠭᠤᠴᠢᠨ ᠪᠠᠭᠠᠲᠤᠷ ᠢ᠋ᠶ᠋ᠡᠨ ᠲᠠᠭᠠᠭᠤᠯᠵᠤ ᠤᠮᠠᠷ᠎ᠠ ᠵᠦᠭ ᠲᠡᠭᠢ ᠠᠭᠤᠯᠠ ᠶ᠋ᠢᠨ ᠴᠢᠨᠡᠭᠡᠨ ᠬᠠᠷ᠎ᠠ ᠡᠷᠢᠶᠡᠨ ᠪᠠᠷᠰ ᠮᠠᠩᠭᠤᠰ ᠤᠨ ᠬᠤᠪᠢᠯᠭᠠᠨ ᠢ᠋ ᠠᠯᠠᠭᠰᠠᠨ ᠨᠥᠭᠦᠭᠡ ᠪᠦᠯᠦᠭ
3.ᠭᠢᠳᠡᠳ ᠤᠨ ᠭᠡᠷ᠎ᠠ ᠭᠦᠮᠠ ᠬᠠᠭᠠᠨ ᠤ ᠲᠦᠷᠦ ᠶᠢ ᠵᠠᠰᠠᠭᠰᠠᠨ ᠭᠤᠲᠠᠭᠠᠷ ᠪᠦᠯᠦᠭ
4.ᠠᠷᠤᠯᠦ ᠭᠤᠤ᠎ᠠ ᠬᠠᠳᠤᠨ ᠢ᠋ᠶ᠋ᠡᠨ ᠠᠪᠤᠭᠠᠳ ᠠᠯᠳᠡᠨ ᠰᠤᠪᠤᠷᠭᠠᠨ ᠤ ᠲᠡᠷᠭᠡᠳᠡ ᠠᠮᠤᠷᠵᠢᠨ ᠰᠠᠭᠤᠭᠰᠠᠨ ᠳᠥᠲᠦᠭᠡᠷ ᠪᠦᠯᠦᠭ
5. ᠴᠤᠳᠤᠩ ᠡᠴᠡ ᠦᠰᠢᠶ᠎ᠠ ᠪᠡᠨ ᠠᠪᠤᠭᠠᠳ ᠠᠯᠢᠪᠡ ᠪᠦᠭᠦᠳᠡ ᠦᠨᠤᠴᠢᠨ ᠢ᠋ᠶ᠋ᠡᠨ ᠲᠡᠭᠰᠢ ᠵᠢᠷᠭᠠᠭᠤᠯᠤᠭᠰᠠᠨ ᠲᠠᠪᠤᠳᠤᠭᠠᠷ ᠪᠦᠯᠦᠭ
6.ᠬᠤᠤᠷᠠᠲᠤ ᠭᠤᠷᠪᠡᠨ ᠰᠢᠷᠠᠢᠭᠤᠯ ᠡᠴᠡ ᠶᠢᠰᠤᠨ ᠲᠦᠮᠡᠨ ᠬᠠᠷ᠎ᠠ ᠠᠳᠤᠭᠤᠨ ᠢ᠋ ᠭᠦᠭᠡᠭᠡᠵᠤ ᠢᠷᠡᠭᠰᠡᠨ ᠲᠠᠪᠤᠳᠤᠭᠠᠷ ᠳᠤᠮᠳᠠᠳᠤ ᠪᠦᠯᠦᠭ
7. ᠰᠢᠷᠠᠢᠭᠤᠯ ᠤᠨ ᠭᠤᠷᠪᠡᠨ ᠬᠠᠭᠠᠨ ᠡᠴᠡ ᠦᠰᠢᠶ᠎ᠡ ᠪᠠᠨ ᠠᠪᠤᠭᠰᠠᠨ ᠪᠦᠯᠦᠭ ᠵᠢᠷᠭᠤᠳᠤᠭᠠᠷ ᠪᠦᠯᠦᠭ
8.ᠠᠷᠪᠡᠨ ᠲᠠᠪᠤᠨ ᠲᠤᠯᠤᠭᠠᠢᠲᠤ ᠠᠪᠤᠷᠭᠤᠰ ᠤᠨ ᠬᠠᠭᠠᠨ ᠢ᠋ ᠠᠯᠠᠵᠤ ᠠᠮᠠᠷᠠᠭ ᠵᠡᠰᠡ ᠰᠢᠭᠡᠷ ᠶᠤᠭᠠᠨ ᠲᠡᠭᠷᠢ ᠨᠠᠷ ᠡᠴᠡ ᠪᠠᠭᠤᠯᠭᠠᠵᠤ ᠠᠪᠤᠭᠠᠳ ᠠᠯᠢᠪᠡ ᠠᠮᠢᠳᠡᠨ ᠢ᠋ ᠲᠡᠭᠰᠢ ᠵᠢᠷᠭᠠᠭᠤᠯᠤᠭᠰᠠᠨ ᠳᠣᠯᠣᠳᠤᠭᠠᠷ ᠪᠦᠯᠦᠭ
9.ᠠᠷᠪᠠᠨ ᠵᠦᠭ ᠤᠨ ᠡᠵᠡᠨ ᠭᠡᠰᠡᠷ ᠬᠠᠭᠠᠨ ᠠᠷᠪᠠᠨ ᠬᠦᠴᠦᠨ ᠲᠡᠭᠦᠰᠦᠭᠰᠡᠨ ᠮᠠᠩᠭᠤᠰ ᠢ᠋ ᠳᠣᠷᠤᠢᠲᠠᠭᠤᠯᠤᠭᠰᠠᠨ ᠨᠠᠢ᠍ᠮᠠᠳᠤᠭᠠᠷ ᠪᠦᠯᠦᠭ
10. ᠮᠠᠩᠭᠤᠰ ᠤᠨ ᠠᠷᠪᠠᠨ ᠬᠦᠴᠦᠨ ᠲᠡᠭᠦᠰᠦᠭᠰᠡᠨ ᠪᠯᠠᠮ᠎ᠠ ᠶ᠋ᠢᠨ ᠨᠢᠭᠡᠨ ᠬᠤᠪᠢᠯᠭᠠᠨ ᠢ᠋ ᠠᠯᠠᠭᠰᠠᠨ ᠶᠢᠰᠦᠳᠦᠭᠡᠷ ᠪᠦᠯᠦᠭ
11.ᠠᠷᠪᠡᠨ ᠵᠦᠭ ᠤᠨ ᠠᠷᠪᠡᠨ ᠬᠤᠤᠷ᠎ᠠ ᠶ᠋ᠢᠨ ᠦᠨᠳᠤᠰᠤᠨ ᠢ᠋ ᠲᠠᠰᠤᠯᠤᠭᠰᠠᠨ ᠠᠴᠢᠳᠤ ᠪᠤᠭᠳᠠ ᠮᠡᠷᠭᠡᠨ ᠬᠠᠭᠠᠨ ᠬᠠᠮᠤᠭ ᠳᠠᠢᠰᠤᠨ ᠢ᠋ ᠳᠣᠷᠤᠢᠲᠠᠭᠤᠯᠵᠤ ᠬᠠᠮᠤᠭ ᠠᠮᠢᠳᠡᠨ ᠢ᠋ ᠵᠢᠷᠭᠠᠭᠤᠯᠤᠭᠰᠠᠨ ᠠᠷᠪᠠᠳᠤᠭᠠᠷ ᠪᠦᠯᠦᠭ ᠭᠡᠬᠦ ᠠᠷᠪᠠᠨ ᠪᠦᠯᠦᠭ ᠲᠡᠢ ᠡᠴᠡ ᠭᠠᠳᠠᠨ᠎ᠠ 《 ᠪᠯᠠᠮ᠎ᠠ ᠡᠷᠳᠡᠨᠢ ᠭᠡᠰᠡᠷ ᠬᠠᠭᠠᠨ ᠬᠤᠶᠠᠷ ᠵᠤᠯᠭᠠᠯᠴᠠᠭᠰᠠᠨ ᠰᠤᠳᠤᠷ ᠤᠷᠤᠰᠢᠪᠡᠢ》 ᠭᠡᠬᠦ ᠨᠡᠮᠡᠯᠲᠡ ᠰᠤᠳᠤᠷ ᠲᠠᠢ ᠪᠠᠢᠳᠠᠭ᠃ ᠡᠨᠡ ᠲᠠᠭᠠᠯᠲᠠ ᠰᠤᠳᠤᠷ ᠢ᠋ ᠤᠤᠯ ᠰᠤᠳᠤᠷ ᠲᠤ ᠠᠷᠪᠠᠨ ᠨᠢᠭᠡᠳᠦᠭᠡᠷ ᠪᠦᠯᠦᠭ ᠭᠡᠵᠦ ᠳ᠋ᠤᠭᠠᠷᠯᠠᠭᠰᠠᠨ ᠪᠠᠢᠳᠠᠭ᠃