ᠰᠤᠳᠤᠷ ᠤᠨ ᠨᠢᠭᠤᠷ ᠲᠤ 《 ᠨᠢᠭᠡᠳᠦᠭᠡᠷ ᠪᠦᠯᠦᠭ ᠣᠷᠤᠱᠢᠪᠠᠢ》 ᠬᠡᠮᠡᠨ ᠪᠢᠴᠢᠵᠦ᠂ ᠪᠠᠰᠠ ᠬᠣᠢᠨᠠᠬᠢ ᠬᠦᠮᠦᠨ ᠪᠢᠴᠢᠭᠰᠡᠨ 《 ᠭᠡᠰᠡᠷ ᠬᠠᠭᠠᠨ ᠤ᠋ ᠲᠤᠭᠤᠵᠢ》 ᠬᠡᠮᠡᠨ ᠪᠢᠴᠢᠭᠡᠰᠦ ᠪᠣᠢ᠃ᠬᠤᠯᠤᠰᠤᠨ ᠦᠵᠦᠭ ᠦᠨ ᠪᠢᠴᠢᠮᠡᠯ᠃1 ᠪᠣᠳᠢ 532 ᠨᠢᠭᠤᠷ᠃ ᠴᠠᠭᠠᠰᠤ᠂ ᠰᠤᠳᠤᠷ᠂ ᠬᠢᠴᠢᠶᠡᠩᠭᠦᠢ ᠲᠢᠭ᠂ ᠪᠡᠬᠡ᠃ ᠬᠠᠭᠤᠳᠠᠰᠤᠨ ᠤ ᠬᠡᠮᠵᠢᠶ᠎ᠡ 54.99cm×16.1cm ᠃ ᠮᠤᠩᠭᠤᠯ ᠤᠯᠦᠰ ᠤᠨ ᠴᠡᠴᠡᠷᠯᠢᠭ ᠬᠤᠳᠠ ᠳ᠋ᠡᠬᠢ ᠽᠡᠶᠠ ᠪᠡᠡᠳᠢᠳᠠ ᠵᠢᠠ ᠨᠤᠮ ᠤᠨ ᠬᠠᠳᠠᠭᠠᠯᠠᠮᠵᠢ ᠡᠴᠠ ᠣᠯᠪᠠ᠃ ᠡᠳᠦᠭᠡ ᠮᠣᠩᠭᠤᠯ ᠤᠯᠤᠰ ᠤᠨ ᠦᠨᠳᠦᠰᠦᠨ ᠦ ᠨᠣᠮ ᠤᠨ ᠰᠠᠩ ᠳᠤ ᠬᠠᠳᠠᠭᠠᠯᠠᠭᠳᠠᠵᠤ ᠪᠣᠢ᠃ ᠪᠦᠷᠢᠨ᠃
ᠲᠤᠰ ᠲᠤᠭᠤᠵᠢ ᠳᠤ᠄
1. ᠠᠷᠪᠠᠨ ᠵᠦᠭ ᠦᠨ ᠡᠵᠡᠨ ᠭᠡᠰᠡᠷ ᠬᠠᠭᠠᠨ ᠠᠯᠳᠡᠨ ᠲᠡᠯᠡᠬᠡᠢ ᠳ᠋ᠤᠷ ᠬᠤᠪᠢᠯᠤᠨ ᠲᠦᠷᠦᠭᠰᠡᠨ ᠨᠢᠭᠡᠳᠦᠭᠡᠷ ᠪᠦᠯᠦᠭ
2.ᠠᠷᠪᠡᠨ ᠵᠦᠭ ᠤᠨ ᠡᠵᠡᠨ ᠠᠶᠤᠬᠤ ᠮᠡᠳᠤ ᠭᠡᠰᠡᠷ ᠪᠤᠭᠳᠠ ᠮᠡᠷᠭᠡᠨ ᠬᠠᠭᠠᠨ ᠠᠯᠳᠡᠨ ᠲᠡᠯᠡᠬᠡᠢ ᠳ᠋ᠤᠷ ᠬᠤᠪᠢᠯᠤᠨ ᠲᠦᠷᠦᠭᠡᠳ ᠠᠮᠠᠷᠠᠭ ᠡᠴᠢᠭᠡ ᠡᠭᠡ ᠭᠢᠭᠡᠳ ᠠᠬ᠎ᠠ ᠲᠡᠬᠦᠦ ᠨᠠᠷ ᠢ᠋ᠶ᠋ᠡᠨ ᠲᠡᠭᠷᠢ ᠨᠠᠷ ᠤᠨ ᠵᠢᠷᠭᠠᠯ ᠢ᠋ᠶ᠋ᠡᠷ ᠵᠢᠷᠭᠠᠭᠤᠯᠤᠭᠰᠠᠨ ᠨᠥᠭᠦᠭᠡ ᠪᠦᠯᠦᠭ
3.ᠲᠤᠭᠤᠯᠤᠭᠰᠠᠨ ᠭᠡᠰᠡᠷ ᠪᠤᠭᠳᠠ ᠮᠡᠷᠭᠡᠨ ᠬᠠᠭᠠᠨ ᠲᠤᠳᠬᠠᠷᠲᠤ ᠲᠤᠯᠤᠭᠠᠨ ᠠᠯᠪᠢᠨ ᠢ᠋ ᠠᠯᠠᠭᠠᠳ ᠲᠤᠩ ᠬᠠᠷ᠎ᠠ ᠭᠤᠷᠪᠡᠨ ᠵᠠᠭᠤᠨ ᠢᠷᠭᠡᠨ ᠢ᠋ ᠨᠤᠮᠤᠬᠠᠳᠬᠠᠵᠤ ᠲᠤᠳᠤᠷᠬᠠᠶᠠ ᠱᠡᠭᠶᠡᠮᠤᠨᠢ ᠶ᠋ᠢᠨ ᠬᠤᠧᠠᠷᠠᠭ ᠤᠳ ᠢ᠋ ᠤᠯᠠᠨ ᠪᠤᠯᠭᠠᠭᠰᠠᠨ ᠭᠤᠲᠠᠭᠠᠷ ᠪᠦᠯᠦᠭ
4.ᠭᠬᠢᠷ ᠦᠭᠡᠢ ᠬᠣᠩᠰᠢᠮ ᠪᠤᠳᠢᠰᠠᠳᠸᠠ ᠶ᠋ᠢᠨ ᠰᠦᠮ᠎ᠠ ᠪᠠᠷᠢᠭᠤᠯᠵᠤ ᠭᠢᠵᠠᠭᠠᠯᠠᠰᠢ ᠦᠭᠡᠢ ᠪᠤᠶᠠᠨ ᠢ᠋ ᠬᠤᠷᠢᠶᠠᠭᠰᠠᠨ ᠳᠥᠲᠦᠭᠡᠷ ᠪᠦᠯᠦᠭ
5.ᠬᠠᠮᠤᠭ ᠤᠨ ᠡᠵᠡᠨ ᠭᠡᠰᠡᠷ ᠪᠤᠭᠳᠠ ᠮᠡᠷᠭᠡᠨ ᠬᠠᠭᠠᠨ ᠷᠤᠭᠮᠤ ᠭᠤᠤ᠎ᠠ ᠬᠠᠲᠤᠨ ᠢ᠋ᠶ᠋ᠡᠨ ᠠᠪᠤᠭᠰᠠᠨ ᠲᠠᠪᠤᠳᠤᠭᠠᠷ ᠪᠦᠯᠦᠭ
6.ᠠᠷᠪᠡᠨ ᠵᠦᠭ ᠤᠨ ᠡᠵᠡᠨ ᠭᠡᠰᠡᠷ ᠬᠠᠭᠠᠨ ᠠᠵᠤ ᠮᠡᠷᠭᠡᠨ ᠬᠠᠳᠤᠨ ᠢᠶᠠᠨ ᠠᠪᠤᠭᠰᠠᠨ ᠵᠢᠷᠭᠤᠳᠤᠭᠠᠷ ᠪᠦᠯᠦᠭ
7.ᠠᠷᠪᠡᠨ ᠵᠦᠭ ᠤᠨ ᠡᠵᠡᠨ ᠠᠴᠢᠳᠤ ᠪᠤᠭᠳᠠ ᠭᠡᠰᠡᠷ ᠮᠡᠷᠭᠡᠨ ᠬᠠᠭᠠᠨ ᠠᠶᠤᠯᠳᠤ ᠬᠦᠷᠡᠩ ᠡᠷᠢᠶᠡᠨ ᠬᠠᠷ᠎ᠠ ᠪᠠᠷᠰ ᠢ᠋ ᠳᠤᠷᠤᠢᠲᠠᠭᠤᠯᠤᠭᠰᠠᠨ ᠳᠣᠯᠣᠳᠤᠭᠠᠷ ᠪᠦᠯᠦᠭ
8.ᠠᠷᠪᠠᠨ ᠵᠦᠭ ᠤᠨ ᠡᠵᠡᠨ ᠭᠡᠰᠡᠷ ᠪᠤᠭᠳᠠ ᠮᠡᠷᠭᠡᠨ ᠬᠠᠭᠠᠨ ᠲᠡᠷᠰ ᠨᠤᠮᠲᠤ ᠭᠡᠷ᠎ᠡ ᠬᠦᠮ᠎ᠡ ᠬᠠᠭᠠᠨ ᠢ᠋ ᠨᠣᠮᠣᠬᠠᠳᠬᠠᠭᠰᠠᠨ ᠨᠠᠢ᠍ᠮᠠᠳᠤᠭᠠᠷ ᠪᠦᠯᠦᠭ
9.ᠭᠠᠶᠢᠬᠠᠮᠰᠢᠭ ᠨᠢᠭᠦᠯᠡᠰᠦᠭᠴᠢ ᠭᠡᠰᠡᠷ ᠪᠤᠭᠳᠠ ᠮᠡᠷᠭᠡᠨ ᠬᠠᠭᠠᠨ ᠬᠠᠷ᠎ᠠ ᠰᠡᠳᠬᠢᠯᠲᠦ ᠴᠤᠳᠤᠩ ᠤᠨ ᠰᠢᠯᠳᠠᠭᠠᠨ ᠢᠶᠠᠷ ᠬᠠᠮᠤᠭ ᠠᠮᠢᠳᠡᠨ ᠢ᠋ ᠤᠬᠠᠭᠤᠯᠬᠤ ᠶᠢᠨᠲᠤᠯᠠᠳᠡ ᠬᠡᠢ ᠬᠥᠳᠡᠯᠦᠭᠡᠳ ᠬᠠᠭᠠᠷᠬᠠᠶᠠ ᠤᠳᠠᠯ ᠦᠭᠡᠢ ᠮᠦᠨ ᠲᠡᠭᠡᠷ᠎ᠡ ᠵᠢᠷᠭᠠᠭᠤᠯᠤᠭᠰᠠᠨ ᠶᠢᠰᠦᠳᠦᠭᠡᠷ ᠪᠦᠯᠦᠭ
10.ᠠᠰᠠᠷᠠᠭᠴᠢ ᠢᠳᠡᠬᠡᠯ ᠪᠤᠷᠬᠠᠨ ᠤ ᠬᠤᠪᠢᠯᠭᠠᠨ ᠬᠡᠰᠡᠷ ᠪᠤᠭᠳᠠ ᠮᠡᠷᠬᠡᠨ ᠬᠠᠭᠠᠨ ᠪᠠᠷ ᠠᠯᠢᠪᠠ ᠪᠢᠯᠢᠭ ᠤᠨ ᠤᠷᠠᠨ ᠠᠷᠭ᠎ᠠ ᠶ᠋ᠢᠨ ᠡᠭᠦᠳᠡᠨ ᠢᠶᠡᠷ ᠠᠶᠤᠯᠲᠤ ᠬᠠᠷ᠎ᠠ ᠮᠤᠩᠬᠠᠭ ᠷᠠᠩᠰᠠᠭ ᠤᠨ ᠬᠠᠭᠠᠨ ᠢ ᠠᠯᠠᠭᠠᠳ ᠲᠡᠨᠳᠡ ᠪᠠᠷ ᠠᠷᠤᠯᠤᠨ ᠭᠤᠸ᠎ᠠ ᠬᠠᠲᠤᠨ ᠢᠶᠠᠨ ᠨᠡᠬᠡᠵᠦ ᠠᠪᠤᠭᠠᠳ ᠠᠮᠤᠷᠯᠢᠨ ᠵᠢᠷᠭᠠᠨ ᠰᠠᠭᠤᠭᠰᠠᠨ ᠠᠷᠪᠠᠳᠤᠭᠠᠷ ᠪᠦᠯᠦᠭ
11.ᠡᠷᠬᠡᠲᠦ ᠬᠡᠰᠡᠷ ᠪᠤᠭᠳᠠ ᠮᠡᠷᠬᠡᠨ ᠬᠠᠭᠠᠨ ᠡᠷᠯᠢᠭ ᠰᠢᠮᠨᠤᠰ ᠢ᠋ ᠨᠤᠮᠤᠬᠠᠳᠬᠠᠨ ᠤᠲᠤᠭᠰᠠᠨ ᠤ ᠬᠤᠢᠨ᠎ᠠ ᠡᠮ᠎ᠡ ᠰᠢᠷᠠᠶᠢᠭᠤᠯ ᠤᠨ ᠭᠤᠷᠪᠠᠨ ᠬᠠᠭᠠᠨ ᠢᠷᠡᠬᠡᠳ ᠡᠩᠬᠡ ᠲᠦᠷᠦ ᠶ᠋ᠢ ᠢᠨᠤ ᠡᠨᠳᠡᠬᠦᠯᠦᠭᠰᠡᠨ ᠠᠷᠪᠠᠨ ᠨᠢᠭᠡᠳᠦᠭᠡᠷ ᠪᠦᠯᠦᠭ
12.ᠠᠷᠪᠠᠨ ᠵᠦᠭ ᠢ᠋ ᠡᠵᠡᠯᠡᠭᠴᠢ ᠠᠶᠤᠬᠤ ᠮᠡᠲᠦ ᠠᠴᠢᠲᠤ ᠬᠡᠰᠡᠷ ᠪᠤᠭᠳᠠ ᠮᠡᠷᠬᠡᠨ ᠬᠠᠭᠠᠨ ᠷᠠᠩᠰᠠᠭ ᠤᠨ ᠤᠷᠤᠨ ᠡᠴᠡ ᠦᠬᠡᠳᠡ ᠪᠤᠯᠤᠨ ᠢᠷᠡᠵᠦ ᠠᠷᠪᠠᠨ ᠭᠤᠷᠪᠠᠨ ᠡᠷᠳᠡᠨᠢ ᠪᠠᠷ ᠡᠬᠦᠳᠦᠭᠰᠡᠨ ᠰᠦᠮ᠎ᠡ ᠬᠤᠲᠠ ᠶᠤᠭᠠᠨ ᠵᠠᠰᠠᠭᠠᠳ ᠠᠴᠢᠲᠤ ᠡᠴᠢᠬᠡ ᠡᠬᠡ ᠪᠠᠨ ᠰᠠᠶᠢᠳᠤᠷ ᠠᠮᠤᠷᠯᠢᠭᠤᠯᠤᠭᠰᠠᠨ ᠠᠷᠪᠠᠨ ᠬᠣᠶᠠᠳᠤᠭᠠᠷ ᠪᠦᠯᠦᠭ
13. ᠰᠧᠩᠴᠢᠨ ᠭᠡᠰᠡᠷ ᠬᠠᠭᠠᠨ ᠰᠢᠷᠠᠢᠭᠤᠯ ᠤᠨ ᠭᠤᠷᠪᠠᠨ ᠬᠠᠨ ᠤ ᠲᠥᠷᠦ ᠶ᠋ᠢ ᠠᠪᠤᠭᠰᠠᠨ ᠠᠷᠪᠠᠨ ᠭᠤᠲᠠᠭᠠᠷ ᠪᠦᠯᠦᠭ
14.ᠠᠷᠪᠠᠨ ᠬᠦᠴᠦᠨ ᠲᠡᠬᠦᠰᠦᠭᠰᠡᠨ ᠮᠠᠩᠭᠤᠰ ᠤᠨ ᠬᠤᠪᠢᠯᠭᠠᠨ ᠯᠠᠮᠠ ᠵᠢ ᠠᠯᠠᠭᠰᠠᠨ ᠠᠷᠪᠠᠨ ᠳᠥᠲᠦᠭᠡᠷ ᠪᠦᠯᠦᠭ
15.ᠠᠷᠪᠠᠨ ᠵᠦᠭ ᠤᠨ ᠡᠵᠡᠨ ᠠᠷᠪᠠᠨ ᠬᠤᠤᠷ᠎ᠠ ᠶᠢᠨ ᠦᠨᠳᠦᠰᠦᠨ ᠢ ᠲᠠᠰᠤᠯᠤᠭᠰᠠᠨ ᠠᠴᠢᠲᠤ ᠪᠤᠭᠳᠠ ᠮᠡᠷᠬᠡᠨ ᠬᠡᠰᠡᠷ ᠬᠠᠭᠠᠨ ᠬᠠᠷᠰᠢ ᠳᠠᠢᠰᠤᠨ ᠢ᠋ ᠤᠰᠠᠳᠬᠠᠨ ᠬᠠᠮᠤᠭ ᠠᠮᠢᠲᠠᠨ ᠢ᠋ ᠵᠢᠷᠭᠠᠭᠤᠯᠤᠭᠰᠠᠨ ᠠᠷᠪᠠᠨ ᠲᠠᠪᠤᠳᠤᠭᠠᠷ ᠪᠦᠯᠦᠭ
16.ᠠᠷᠪᠠᠨ ᠲᠠᠪᠤᠨ ᠲᠤᠯᠤᠭᠠᠢᠲᠤ ᠠᠪᠤᠷᠭᠤᠰ ᠤᠨ ᠬᠠᠭᠠᠨ ᠨᠡᠩ ᠲᠤᠯᠮ᠎ᠠ ᠵᠢ ᠳᠤᠷᠤᠢᠲᠠᠭᠤᠯᠤᠭᠰᠠᠨ ᠠᠷᠪᠠᠨ ᠵᠢᠷᠭᠤᠳᠤᠭᠠᠷ ᠪᠦᠯᠦᠭ
17.ᠠᠷᠪᠠᠨ ᠵᠦᠭ ᠤᠨ ᠡᠵᠡᠨ ᠪᠤᠭᠳᠠ ᠬᠡᠰᠡᠷ ᠬᠠᠭᠠᠨ ᠠᠯᠢᠪᠠ ᠪᠦᠬᠦᠳᠡ ᠶᠤᠭᠡᠨ ᠲᠡᠬᠦᠰᠬᠡᠵᠦ ᠠᠪᠤᠭᠠᠳ ᠠᠮᠠᠷᠠᠭ ᠭᠤᠴᠢᠨ ᠪᠠᠭᠠᠲᠤᠷ ᠤᠳ ᠢ᠋ᠶ᠋ᠡᠨ ᠡᠳᠡᠭᠡᠭᠡᠵᠦ ᠠᠮᠤᠭᠤᠯᠠᠩ ᠢᠶᠡᠷ ᠵᠢᠷᠭᠠᠨ ᠰᠠᠭᠤᠭᠰᠠᠨ ᠠᠷᠪᠠᠨ ᠳᠣᠯᠣᠳᠤᠭᠠᠷ ᠪᠦᠯᠦᠭ
18.ᠠᠷᠪᠠᠨ ᠵᠦᠭ ᠤᠨ ᠡᠵᠡᠨ ᠪᠤᠭᠳᠠ ᠮᠡᠷᠬᠡᠨ ᠬᠡᠰᠡᠷ ᠬᠠᠭᠠᠨ ᠠᠰᠤᠷᠤ ᠶᠡᠬᠡ ᠬᠦᠴᠦᠲᠦ ᠬᠤᠷᠢᠨ ᠨᠢᠬᠡᠨ ᠲᠤᠯᠤᠭᠠᠢᠲᠤ ᠷᠠᠩᠰᠠᠭ ᠤᠨ ᠬᠠᠭᠠᠨ ᠢ ᠲᠠᠷᠤᠭᠠᠳ ᠠᠮᠤᠷᠯᠢᠩᠭᠤᠢ ᠲᠠᠬᠢᠨᠢ ᠵᠢᠨ ᠬᠤᠪᠢᠯᠭᠠᠨ ᠰᠠᠶᠢᠬᠤᠯᠠᠢ ᠭᠤᠸ᠎ᠠ ᠶ᠋ᠢ ᠠᠪᠤᠭᠠᠳ ᠠᠷᠢᠭᠤᠨ ᠲᠡᠬᠡᠲᠦ ᠠᠰᠤᠷᠤ ᠲᠡᠭᠷᠢ ᠮᠡᠲᠦ ᠵᠢᠷᠭᠠᠨ ᠰᠠᠭᠤᠭᠰᠠᠨ ᠠᠷᠪᠠᠨ ᠨᠠᠢ᠍ᠮᠠᠳᠤᠭᠠᠷ ᠪᠦᠯᠦᠭ ᠭᠡᠬᠦ ᠠᠷᠪᠠᠨ ᠨᠠᠢ᠍ᠮᠠᠨ ᠪᠦᠯᠦᠭ ᠲᠡᠢ ᠪᠦᠭᠡᠳ 《 ᠭᠡᠰᠡᠷ ᠤᠨ ᠰᠠᠩ ᠤᠷᠤᠰᠢᠭᠤᠯᠪᠠᠢ》 ᠭᠡᠬᠦ ᠲᠠᠭᠠᠯᠲᠠ ᠰᠤᠳᠤᠷ ᠲᠠᠢ᠃