ᠣᠳᠣᠬᠢ ᠪᠠᠢᠷᠢ : ᠲᠡᠷᠢᠭᠦᠨ ᠨᠢᠭᠤᠷ > ᠰᠢᠯᠢᠳᠡᠭ ᠨᠣᠮ ᠰᠤᠳᠤᠷ ᠤ᠋ᠨ ᠦᠵᠡᠭᠦᠯᠭᠡ > ᠮᠣᠩᠭᠤᠯ ᠲᠤᠯᠭᠤᠷ ᠪᠢᠴᠢᠭ ᠤ᠋ᠨ ᠴᠤᠪᠤᠷᠠᠯ
《 ᠮᠣᠩᠭᠤᠯ ᠭᠡᠯᠡᠨ ᠤ᠋ ᠰᠤᠳᠤᠯᠤᠯ ᠤ᠋ᠨ ᠳᠤᠷᠠᠰᠬᠠᠯᠲᠦ ᠪᠢᠴᠢᠭ ᠤ᠋ᠳ 》
ᠴᠤᠪᠤᠷᠠᠯ ᠤ᠋ᠨ ᠨᠡᠷ᠎ᠡ: ᠮᠣᠩᠭᠤᠯ ᠲᠤᠯᠭᠤᠷ ᠪᠢᠴᠢᠭ ᠤ᠋ᠨ ᠴᠤᠪᠤᠷᠠᠯ ᠵᠣᠬᠢᠶᠠᠭᠴᠢ: ᠴᠢᠩ ᠯᠢᠨ᠂ ᠦ᠊ • ᠲᠤᠶᠠᠭ᠎ᠠ ᠡᠮᠬᠢᠳᠭᠡᠪᠡ᠃ ᠬᠡᠯᠡ: ᠮᠣᠩᠭᠤᠯ ᠬᠡᠪᠯᠡᠯ ᠤ᠋ᠨ ᠬᠣᠷᠢᠶ᠎ᠠ: ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶ᠎ᠠ ᠬᠡᠪᠯᠡᠭᠰᠡᠨ ᠴᠠᠭ: 2015 ᠣᠨ ᠤ᠋ 10 ᠰᠠᠷ᠎ᠠ ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ ᠬᠡᠪᠯᠡᠭᠦᠯᠦᠭᠰᠡᠨ ᠪᠠᠢᠭᠤᠯᠭ᠎ᠠ: ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠪᠣᠯᠤᠨ《 ᠭᠡᠰᠡᠷ》ᠢ᠋ ᠴᠤᠭᠯᠠᠭᠤᠯᠤᠨ ᠡᠮᠬᠢᠳᠭᠡᠨ ᠰᠤᠳᠤᠯᠬᠤ ᠭᠠᠵᠠᠷ
ᠲᠣᠪᠴᠢ ᠲᠠᠨᠢᠯᠴᠠᠭᠤᠯᠭ᠎ᠠ:

ᠮᠣᠩᠭᠤᠯ ᠦᠭᠡ ᠬᠡᠯᠡ ᠦᠰᠦᠭ ᠪᠢᠴᠢᠭ ᠤ᠋ᠨ ᠰᠤᠳᠤᠯᠭᠠᠨ ᠤ᠋ ᠠᠵᠢᠯ ᠮᠠᠰᠢ ᠡᠷᠲᠡ ᠦᠶ᠎ᠡ ᠡᠴᠡ ᠡᠬᠢᠯᠡᠭᠰᠡᠨ ᠶᠤᠮ᠃ 13 ᠳ᠋ᠤᠭᠠᠷ ᠵᠠᠭᠤᠨ ᠤ᠋ ᠳᠤᠮᠳᠠᠴᠢ ᠦᠶ᠎ᠡ  ᠡᠴᠡ 20 ᠳ᠋ᠤᠭᠠᠷ ᠵᠠᠭᠤᠨ ᠤ᠋ ᠳᠤᠮᠳᠠᠴᠢ ᠦᠶ᠎ᠡ ᠪᠣᠯᠲᠠᠯ᠎ᠠ ᠤᠯᠠᠮᠵᠢᠯᠠᠯᠲᠤ ᠮᠣᠩᠭᠤᠯ ᠬᠡᠯᠡ ᠪᠡᠷ ᠪᠢᠴᠢᠭᠳᠡᠭᠰᠡᠨ ᠮᠣᠩᠭᠤᠯ ᠬᠡᠯᠡᠨ ᠦ᠌ ᠰᠤᠳᠤᠯᠤᠯ ᠤ᠋ᠨ ᠳᠤᠷᠠᠰᠬᠠᠯᠲᠦ ᠪᠢᠴᠢᠭ 200 ᠭᠠᠷᠤᠢ ᠲᠥᠷᠦᠯ ᠪᠠᠢᠵᠤ᠂ ᠮᠣᠩᠭᠤᠯ ᠬᠡᠯᠡᠨ ᠦ᠌ ᠰᠤᠳᠤᠯᠤᠯ ᠤ᠋ᠨ ᠲᠡᠦᠬᠡᠨ ᠳᠡᠭᠡᠷ᠎ᠡ ᠦᠨᠡᠲᠦ ᠳᠤᠷᠠᠰᠬᠠᠯᠲᠦ ᠪᠢᠴᠢᠭ ᠪᠣᠯᠵᠤ ᠦᠯᠡᠳᠡᠭᠰᠡᠨ ᠶᠤᠮ᠃ 《ᠮᠣᠩᠭᠤᠯ ᠬᠡᠯᠡᠨ ᠦ᠌ ᠰᠤᠳᠤᠯᠤᠯ ᠤ᠋ᠨ ᠳᠤᠷᠠᠰᠬᠠᠯᠲᠦ ᠪᠢᠴᠢᠭ ᠤ᠋ᠳ》ᠪᠣᠯ ᠥᠪᠦᠷ ᠮᠣᠩᠭᠤᠯ ᠤ᠋ᠨ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠢ᠋ ᠡᠮᠬᠢᠳᠭᠡᠬᠦ ᠲᠤᠰᠭᠠᠢ ᠪᠡᠯᠡ ᠮᠥᠩᠭᠦ ᠶ᠋ᠢᠨ ᠲᠤᠰᠠᠯᠠᠮᠵᠢᠲᠦ ᠰᠡᠳᠦᠪ ᠪᠣᠯᠤᠨ᠎ᠠ᠃ ᠲᠤᠰ ᠨᠣᠮ ᠨᠢ ᠭᠡᠷᠡᠯ ᠵᠢᠷᠤᠭ ᠤ᠋ᠨ ᠬᠡᠯᠪᠡᠷᠢ ᠪᠡᠷ ᠨᠢᠭᠡ ᠢᠵᠢ ᠵᠢᠷᠭᠤᠭᠠᠨ ᠳᠡᠪᠲᠡᠷ ᠬᠡᠪᠯᠡᠭᠦᠯᠵᠦ᠂ ᠨᠡᠢᠲᠡ 80 ᠭᠠᠷᠤᠢ ᠰᠤᠷᠪᠤᠯᠵᠢ ᠪᠢᠴᠢᠭ ᠲᠠᠢ ᠪᠠᠢᠵᠤ᠂ ᠮᠣᠩᠭᠤᠯ ᠦᠰᠦᠭ ᠪᠢᠴᠢᠭ ᠤ᠋ᠨ ᠡᠭᠦᠰᠦᠯ ᠪᠣᠯᠤᠨ ᠬᠥᠭᠵᠢᠯ᠂ ᠵᠥᠪ ᠪᠢᠴᠢᠬᠦ ᠳᠦᠷᠢᠮ ᠂ ᠵᠥᠪ ᠳᠠᠭᠤᠳᠠᠯᠭ᠎ᠠ ᠶ᠋ᠢᠨ ᠳᠦᠷᠢᠮ᠂ ᠦᠭᠡ ᠶ᠋ᠢᠨ ᠲᠠᠢᠯᠪᠤᠷᠢ᠂ ᠬᠡᠯᠡᠨ ᠦ᠌ ᠵᠦᠢ ᠵᠡᠷᠭᠡ ᠠᠭᠤᠯᠭ᠎ᠠ ᠶ᠋ᠢ ᠬᠠᠮᠤᠷᠤᠭᠰᠠᠨ ᠪᠠᠢᠨ᠎ᠠ᠃ 2015 ᠣᠨ ᠳ᠋ᠤ᠌᠂ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶ᠎ᠠ ᠡᠴᠡ ᠬᠡᠪᠯᠡᠭᠦᠯᠪᠡ᠃ ᠡᠨᠡ ᠬᠦ᠌ ᠨᠣᠮ ᠤ᠋ᠨ ᠬᠡᠪᠯᠡᠭᠳᠡᠭᠰᠡᠨ ᠨᠢ ᠮᠣᠩᠭᠤᠯ ᠬᠡᠯᠡᠨ ᠤ᠋ ᠰᠤᠳᠤᠯᠤᠯ ᠤ᠋ᠨ ᠬᠦᠷᠢᠶ᠎ᠡ ᠴᠠᠷᠠᠭᠠᠨ ᠳ᠋ᠠᠬᠢ ᠨᠢᠭᠡᠨ ᠲᠣᠮᠤ ᠶᠠᠪᠤᠳᠠᠯ ᠪᠠᠢᠵᠤ᠂ ᠬᠠᠮᠢᠶ᠎ᠠ ᠪᠦᠬᠦᠢ ᠰᠤᠳᠤᠯᠭᠠᠨ ᠳ᠋ᠤ᠌ ᠯᠠᠪᠲᠠᠢ ᠮᠠᠰᠢ ᠢᠳᠡᠪᠬᠢ ᠦᠢᠯᠡᠳᠦᠯ ᠦᠵᠡᠭᠦᠯᠬᠦ ᠪᠣᠯᠤᠨ᠎ᠠ᠃

《 ᠮᠣᠩᠭᠤᠯ ᠭᠡᠯᠡᠨ ᠤ᠋ ᠰᠤᠳᠤᠯᠤᠯ ᠤ᠋ᠨ ᠳᠤᠷᠠᠰᠬᠠᠯᠲᠦ ᠪᠢᠴᠢᠭ ᠤ᠋ᠳ 》
蒙ICP备17000293号-1 蒙公网安备 15010202150932号