ᠣᠳᠣᠬᠢ ᠪᠠᠢᠷᠢ : ᠲᠡᠷᠢᠭᠦᠨ ᠨᠢᠭᠤᠷ > ᠰᠢᠯᠢᠳᠡᠭ ᠨᠣᠮ ᠰᠤᠳᠤᠷ ᠤ᠋ᠨ ᠦᠵᠡᠭᠦᠯᠭᠡ > ᠮᠣᠩᠭᠤᠯ ᠲᠤᠯᠭᠤᠷ ᠪᠢᠴᠢᠭ ᠤ᠋ᠨ ᠴᠤᠪᠤᠷᠠᠯ
《ᠠᠪᠠᠢ ᠭᠡᠰᠡᠷ ᠬᠥᠪᠡᠭᠦᠨ》
ᠴᠤᠪᠤᠷᠠᠯ ᠤ᠋ᠨ ᠨᠡᠷ᠎ᠡ: ᠮᠣᠩᠭᠤᠯ ᠲᠤᠯᠭᠤᠷ ᠪᠢᠴᠢᠭ ᠤ᠋ᠨ ᠴᠤᠪᠤᠷᠠᠯ ᠵᠣᠬᠢᠶᠠᠭᠴᠢ: ᠵ • ᠦᠷᠵᠡᠨ᠂ ᠮᠢ᠊ • ᠳᠠᠰᠢᠨᠠᠮ᠎ᠠ ᠪᠠᠭᠤᠯᠭᠠᠪᠠ᠂ ᠨᠠᠮᠵᠢᠯ ᠪᠡᠯᠳᠡᠨᠤ᠋ ᠡᠮᠬᠢᠳᠭᠡᠪᠡ᠃ ᠬᠡᠯᠡ: ᠮᠣᠩᠭᠤᠯ ᠬᠡᠪᠯᠡᠯ ᠤ᠋ᠨ ᠬᠣᠷᠢᠶ᠎ᠠ: ᠥᠪᠦᠷ ᠮᠣᠩᠭᠤᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠬᠡᠪᠯᠡᠭᠰᠡᠨ ᠴᠠᠭ: 1982 ᠣᠨ ᠤ᠋ 06 ᠰᠠᠷ᠎ᠠ ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ
ᠲᠣᠪᠴᠢ ᠲᠠᠨᠢᠯᠴᠠᠭᠤᠯᠭ᠎ᠠ:

ᠮᠤᠩᠭᠤᠯ ᠲᠤᠯᠭᠤᠷ ᠪᠢᠴᠢᠭ ᠤᠨ ᠴᠤᠪᠤᠷᠠᠯ᠂ ᠪᠤᠷᠢᠶᠠᠳ ᠠᠷᠠᠳ ᠤᠨ ᠪᠠᠭᠠᠳᠤᠷᠯᠢᠭ ᠲᠤᠤᠯᠢᠰ ᠪᠤᠯᠤᠨ᠎ᠠ᠂ ᠬᠡᠰᠡᠷ ᠤᠨ ᠠᠷᠠᠳ ᠲᠦᠮᠡᠨ ᠤ ᠵᠤᠯ ᠵᠢᠷᠭᠠᠯ ᠤᠨ ᠲᠦᠯᠦᠭᠡ ᠪᠠᠢᠭᠠᠯᠢ ᠪᠤᠯᠤᠨ ᠬᠦᠮᠦᠨ ᠵᠤᠨ ᠤ ᠲᠤᠮᠳᠠ ᠤᠴᠠᠷᠠᠳᠠᠭ ᠠᠶᠤᠯᠳᠤ ᠮᠠᠭᠤᠬᠠᠢ᠂ ᠬᠠᠷᠠᠳᠠᠢ ᠰᠢᠷᠡᠳᠠᠢ ᠲᠠᠢᠰᠣᠨ ᠤ ᠤᠷᠢᠳᠠᠢ ᠡᠴᠡ ᠲᠡᠮᠡᠴᠡᠭᠰᠡᠨ ᠦᠢᠯᠡ ᠬᠡᠷᠡᠭ ᠢ ᠵᠢᠷᠤᠭᠯᠠᠵᠠᠢ᠃ 9 ᠪᠦᠯᠦᠭ ᠲᠠᠢ᠂ ᠲᠤᠰ ᠲᠤᠰ ᠪᠠᠷᠠᠭᠤᠨ ᠤ᠋ ᠲᠠᠪᠢᠨ ᠲᠠᠪᠤᠨ ᠲᠡᠭᠷᠢ ᠶ᠋ᠢᠨ ᠪᠠ ᠵᠡᠭᠦᠨ ᠤ᠋ ᠳᠥᠴᠢᠨ ᠳᠥᠷᠪᠡᠨ ᠲᠡᠭᠷᠢ ᠶ᠋ᠢᠨ ᠬᠣᠭᠤᠷᠤᠨᠳᠤᠬᠢ ᠳᠠᠢᠨ᠂ ᠭᠡᠰᠡᠷ ᠤ᠋ᠨ ᠳᠠᠢᠳᠤ ᠳᠡᠭᠡᠷ᠎ᠡ ᠲᠥᠷᠦᠭᠰᠡᠨ ᠲᠤᠬᠠᠢ᠂ ᠭᠡᠰᠡᠷ ᠤ᠋ᠨ ᠠᠷᠬᠠᠨ ᠴᠢᠳᠭᠦᠷ ᠢ᠋ ᠳᠠᠷᠤᠭᠰᠠᠨ ᠲᠤᠬᠠᠢ᠂ ᠭᠡᠰᠡᠷ ᠤ᠋ᠨ ᠭᠠᠯ ᠨᠤᠷᠠᠮᠠᠨ ᠬᠠᠭᠠᠨ ᠢ᠋ ᠳᠠᠷᠤᠭᠰᠠᠨ ᠲᠤᠬᠠᠢ᠂ ᠭᠡᠰᠡᠷ ᠤ᠋ᠨ ᠤᠢ ᠲᠠᠢᠭ᠎ᠠ ᠶ᠋ᠢᠨ ᠡᠵᠡᠨ ᠤᠷᠭᠤᠯᠢ ᠡᠷᠢᠶᠡᠨ ᠭᠥᠷᠥᠭᠡᠰᠦ ᠳᠠᠷᠤᠭᠰᠠᠨ ᠲᠤᠬᠠᠢ᠂ ᠭᠡᠰᠡᠷ ᠤ᠋ᠨ ᠰᠢᠷᠡᠮᠦ ᠮᠢᠨᠠᠭᠠᠲᠤ ᠬᠠᠭᠠᠨ ᠢ᠋ ᠳᠠᠷᠤᠭᠰᠠᠨ ᠲᠤᠬᠠᠢ᠂ ᠭᠡᠰᠡᠷ ᠤ᠋ᠨ ᠠᠪᠤᠷᠭᠤ ᠰᠡᠴᠡᠨ ᠮᠠᠩᠭᠤᠤᠬᠠᠢ ᠶ᠋ᠢ ᠳᠠᠷᠤᠭᠰᠠᠨ ᠲᠤᠬᠠᠢ᠂ ᠭᠡᠰᠡᠷ ᠤ᠋ᠨ ᠯᠣᠢᠷ ᠬᠠᠷ᠎ᠠ ᠯᠣᠪᠰᠠᠭᠠᠯᠳᠤᠢ ᠶ᠋ᠢ ᠳᠠᠷᠤᠭᠰᠠᠨ ᠲᠤᠬᠠᠢ᠂ ᠭᠡᠰᠡᠷ ᠤ᠋ᠨ ᠰᠢᠷ᠎ᠠ ᠭᠣᠣᠯ ᠤ᠋ᠨ ᠬᠠᠭᠠᠴᠤᠤᠯ ᠢ᠋ ᠳᠠᠷᠤᠭᠰᠠᠨ ᠲᠤᠬᠠᠢ ᠵᠡᠷᠭᠡ ᠪᠣᠯᠤᠨ᠎ᠠ᠃ ᠲᠤᠰ ᠨᠣᠮ ᠢ᠋ ᠤᠤᠯ ᠤ᠋ᠨ ᠵᠦᠪᠯᠡᠯᠳᠦ ᠶ᠋ᠢᠨ ᠪᠤᠷᠢᠶᠠᠳ ᠤᠯᠤᠰ ᠤᠨ ᠤᠯᠠᠭᠠᠨ — ᠦᠳᠡ ᠳᠦ ᠬᠡᠪᠯᠡᠬᠦᠯᠦᠭᠰᠡᠨ《ᠠᠪᠠᠢ ᠭᠡᠰᠡᠷ ᠬᠦᠪᠡᠭᠦᠨ 》 ᠤ 1959 ᠤᠨ ᠤ ᠬᠡᠪᠯᠡᠯ ᠢ ᠦᠨᠳᠦᠰᠦᠯᠡᠨ ᠪᠠᠭᠤᠯᠭᠠᠵᠤ ᠬᠡᠪᠯᠡᠭᠦᠯᠪᠡ᠃

《ᠠᠪᠠᠢ ᠭᠡᠰᠡᠷ ᠬᠥᠪᠡᠭᠦᠨ》
蒙ICP备17000293号-1 蒙公网安备 15010202150932号