ᠣᠳᠣᠬᠢ ᠪᠠᠢᠷᠢ : ᠲᠡᠷᠢᠭᠦᠨ ᠨᠢᠭᠤᠷ > ᠰᠢᠯᠢᠳᠡᠭ ᠨᠣᠮ ᠰᠤᠳᠤᠷ ᠤ᠋ᠨ ᠦᠵᠡᠭᠦᠯᠭᠡ > ᠮᠣᠩᠭᠤᠯ ᠲᠤᠯᠭᠤᠷ ᠪᠢᠴᠢᠭ ᠤ᠋ᠨ ᠴᠤᠪᠤᠷᠠᠯ
《ᠠᠰᠠᠷᠠᠭᠴᠢ ᠨᠡᠷᠡᠲᠦ  ᠶ᠋ᠢᠨ ᠲᠡᠦᠬᠡ》
ᠴᠤᠪᠤᠷᠠᠯ ᠤ᠋ᠨ ᠨᠡᠷ᠎ᠡ: ᠮᠣᠩᠭᠤᠯ ᠲᠤᠯᠭᠤᠷ ᠪᠢᠴᠢᠭ ᠤ᠋ᠨ ᠴᠤᠪᠤᠷᠠᠯ ᠵᠣᠬᠢᠶᠠᠭᠴᠢ: ᠪᠠ᠊ • ᠪᠠᠭᠠᠨ᠎ᠠ ᠬᠢᠨᠠᠨ ᠬᠠᠷᠭᠤᠭᠤᠯᠵᠤ ᠪᠠᠭᠤᠯᠭᠠᠵᠤ ᠲᠠᠢᠯᠪᠤᠷᠢ ᠬᠢᠪᠡ᠃ ᠬᠡᠯᠡ: ᠮᠣᠩᠭᠤᠯ ᠬᠡᠪᠯᠡᠯ ᠤ᠋ᠨ ᠬᠣᠷᠢᠶ᠎ᠠ: ᠦᠨᠳᠦᠰᠦᠲᠡᠨ ᠦ᠌ ᠬᠡᠪᠯᠡᠯ ᠤ᠋ᠨ ᠬᠣᠷᠢᠶ᠎ᠠ ᠬᠡᠪᠯᠡᠭᠰᠡᠨ ᠴᠠᠭ: 1984 ᠣᠨ ᠤ᠋ 03 ᠰᠠᠷ᠎ᠠ ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ
ᠲᠣᠪᠴᠢ ᠲᠠᠨᠢᠯᠴᠠᠭᠤᠯᠭ᠎ᠠ:

《ᠠᠰᠠᠷᠠᠭᠴᠢ ᠨᠡᠷᠡᠳᠦ ᠶᠢᠨ ᠲᠡᠦᠬᠡ 》ᠬᠡᠮᠡᠬᠦ ᠲᠡᠦᠬᠡᠨ ᠨᠤᠮ ᠢ 1677 ᠤᠨ ᠳᠦ᠂ ᠦᠬᠡᠷ᠎ᠡ ᠪᠡᠷ ᠬᠡᠯᠡᠪᠡᠯ᠂ ᠬᠠᠷ᠎ᠠ ᠬᠤᠷᠤᠮ ᠤᠨ ᠪᠠᠭᠤᠷᠢ ᠲᠡᠭᠡᠷ᠎ᠡ ᠡᠷᠳᠡᠨᠢ ᠶᠢᠨ ᠵᠤᠤ ᠬᠡᠢᠳ ᠢ ᠪᠠᠢᠭᠤᠯᠤᠭᠰᠠᠨ ᠡᠴᠡ ᠬᠤᠢᠰᠢ ᠶᠡᠷᠡᠨ ᠭᠤᠷᠪᠠᠨ ᠤᠨ ᠳᠦ ᠲᠤᠭᠤᠷᠪᠢᠨ ᠪᠢᠴᠢᠵᠠᠢ᠃ ᠮᠠᠨ ᠤ ᠲᠤᠯᠢᠯᠠᠭᠤᠯᠵᠤ ᠪᠦᠬᠦᠢ ᠡᠨᠡ ᠨᠤᠮ ᠪᠤᠯ 1959 ᠤᠨ ᠤ ᠭᠠᠭᠴᠠ ᠡᠬᠡ ᠲᠡᠪᠳᠡᠷ ᠢ ᠤᠤᠯ ᠶᠠᠩᠵᠤ ᠪᠡᠷ ᠨᠢ ᠭᠠᠷ ᠪᠢᠴᠢᠮᠡᠯ ᠤᠨ ᠲᠤᠰᠤᠨ ᠪᠡᠷ ᠢᠶᠡᠷ ᠲᠠᠷᠤᠮᠠᠯᠯᠠᠭᠰᠠᠨ ᠨᠠᠢᠮᠠᠨ ᠵᠦᠰᠦᠮ ᠤᠨ ᠲᠤᠮᠤ ᠲᠡᠪᠳᠡᠷ ᠢ ᠦᠨᠳᠦᠰᠦᠯᠡᠨ ᠬᠢᠨᠡᠵᠦ᠂ ᠤᠳᠤ ᠶᠢᠨ ᠬᠡᠯᠡ ᠲᠡᠭᠡᠷ᠎ᠡ ᠪᠠᠭᠤᠯᠭᠠᠵᠤ᠂ ᠲᠡᠦᠬᠡ ᠶᠢᠨ ᠭᠤᠤᠯ ᠭᠤᠤᠯ ᠬᠦᠮᠦᠰ ᠪᠠ ᠦᠢᠯᠡ ᠬᠡᠷᠡᠭ ᠲᠤ ᠲᠠᠢᠯᠪᠤᠷᠢ ᠬᠢᠵᠦ ᠬᠡᠪᠯᠡᠬᠦᠯᠦᠭᠰᠡᠨ ᠶᠤᠮ᠃ ᠲᠡᠦᠬᠡᠴᠢ ᠵᠠᠮᠪᠠ ᠡᠨᠡ ᠲᠡᠦᠬᠡ ᠪᠠᠨ ᠪᠢᠴᠢᠬᠦ ᠳᠦ ᠪᠠᠨ ᠬᠡᠳᠦᠢᠪᠡᠷ ᠪᠦᠯᠦᠭ ᠠᠩᠬᠢ ᠬᠤᠪᠢᠶᠠᠭᠰᠠᠨ ᠦᠬᠡᠢ ᠪᠤᠯᠪᠠᠴᠤ᠂ ᠲᠡᠬᠦᠨ ᠤ ᠠᠭᠤᠯᠭ᠎ᠠ ᠡᠴᠡ ᠨᠢ ᠪᠦᠳᠦᠴᠡ ᠵᠤᠬᠢᠶᠠᠮᠵᠢ ᠶᠢ ᠲᠤᠳᠤᠷᠬᠠᠢ ᠮᠡᠳᠡᠵᠦ ᠪᠤᠯᠤᠨ᠎ᠠ᠂ ᠡᠨᠡ ᠲᠡᠦᠬᠡ ᠭᠤᠤᠯᠳᠠᠭᠤ ᠡᠬᠢᠯᠡᠬᠦ ᠦᠬᠡ᠂ ᠮᠤᠩᠭᠤᠯ ᠤᠨ ᠡᠷᠳᠡᠨ ᠤ ᠲᠡᠦᠬᠡ᠂ ᠭᠤᠤᠯᠳᠠᠭᠤ ᠴᠢᠩᠬᠢᠰ ᠬᠠᠭᠠᠨ ᠤ ᠲᠡᠦᠬᠡ᠂ ᠲᠤᠬᠤᠨ ᠲᠡᠮᠦᠷ ᠡᠴᠡ ᠠᠷᠪᠠᠨ ᠲᠤᠯᠤᠳᠤᠭᠠᠷ ᠵᠠᠭᠤᠨ ᠤ ᠦᠶ᠎ᠡ ᠬᠦᠷᠳᠡᠯ᠎ᠡ ᠪᠠ ᠲᠡᠭᠦᠰᠭᠡᠯ ᠤᠨ ᠲᠡᠮᠳᠡᠭᠯᠡᠯ ᠵᠡᠷᠭᠡ ᠲᠦᠷᠪᠡᠨ ᠬᠡᠰᠡᠭ ᠢᠶᠡᠷ ᠪᠦᠷᠢᠯᠳᠦᠭᠰᠡᠨ ᠶᠤᠮ᠃

《ᠠᠰᠠᠷᠠᠭᠴᠢ ᠨᠡᠷᠡᠲᠦ  ᠶ᠋ᠢᠨ ᠲᠡᠦᠬᠡ》
蒙ICP备17000293号-1 蒙公网安备 15010202150932号