ᠣᠳᠣᠬᠢ ᠪᠠᠢᠷᠢ : ᠲᠡᠷᠢᠭᠦᠨ ᠨᠢᠭᠤᠷ > ᠰᠢᠯᠢᠳᠡᠭ ᠨᠣᠮ ᠰᠤᠳᠤᠷ ᠤ᠋ᠨ ᠦᠵᠡᠭᠦᠯᠭᠡ > ᠮᠣᠩᠭᠤᠯ ᠲᠤᠯᠭᠤᠷ ᠪᠢᠴᠢᠭ ᠤ᠋ᠨ ᠴᠤᠪᠤᠷᠠᠯ
《ᠪᠣᠯᠤᠷ ᠲᠣᠯᠢ》
ᠴᠤᠪᠤᠷᠠᠯ ᠤ᠋ᠨ ᠨᠡᠷ᠎ᠡ: ᠮᠣᠩᠭᠤᠯ ᠲᠤᠯᠭᠤᠷ ᠪᠢᠴᠢᠭ ᠤ᠋ᠨ ᠴᠤᠪᠤᠷᠠᠯ ᠵᠣᠬᠢᠶᠠᠭᠴᠢ: ᠵᠢᠮᠪᠠᠳᠣᠷᠵᠢ ᠵᠣᠬᠢᠶᠠᠪᠠ᠂ ᠯᠢᠶᠣᠣ ᠵᠢᠨ ᠰᠦᠸᠧ ᠬᠢᠨᠠᠵᠤ ᠲᠠᠢᠯᠪᠤᠷᠢᠯᠠᠪᠠ᠃ ᠬᠡᠯᠡ: ᠮᠣᠩᠭᠤᠯ ᠬᠡᠪᠯᠡᠯ ᠤ᠋ᠨ ᠬᠣᠷᠢᠶ᠎ᠠ: ᠦᠨᠳᠦᠰᠦᠲᠡᠨ ᠦ᠌ ᠬᠡᠪᠯᠡᠯ ᠤ᠋ᠨ ᠬᠣᠷᠢᠶ᠎ᠠ ᠬᠡᠪᠯᠡᠭᠰᠡᠨ ᠴᠠᠭ: 1984 ᠣᠨ ᠤ᠋ 05 ᠰᠠᠷ᠎ᠠ ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ
ᠲᠣᠪᠴᠢ ᠲᠠᠨᠢᠯᠴᠠᠭᠤᠯᠭ᠎ᠠ:

《 ᠪᠤᠯᠤᠷ ᠲᠤᠯᠢ 》 ᠬᠡᠮᠡᠬᠦ ᠵᠤᠬᠢᠶᠠᠯ ᠪᠤᠯ ᠮᠤᠩᠭᠤᠯ ᠲᠡᠦᠬᠡ ᠶᠢᠨ ᠴᠢᠬᠤᠯᠠ ᠲᠤᠯᠭᠤᠷ ᠪᠢᠴᠢᠭ ᠤᠨ ᠨᠢᠭᠡ ᠮᠦᠨ᠃ ᠲᠣᠰ ᠠᠯᠳᠠᠷᠳᠤ ᠵᠤᠬᠢᠶᠠᠯ ᠢ ᠤᠷᠠᠳ ᠤᠨ ᠲᠤᠮᠳᠠᠳᠤ ᠬᠤᠰᠢᠭᠤᠨ ᠤ ᠵᠢᠮᠪᠠᠳᠤᠷᠵᠢ ᠵᠤᠬᠢᠶᠠᠵᠠᠢ᠃ 《 ᠪᠤᠯᠤᠷ ᠲᠤᠯᠢ 》 ᠶᠢ ᠵᠣᠬᠢᠶᠠᠭᠰᠠᠨ ᠴᠠᠭ ᠦᠶ᠎ᠡ ᠶᠢᠨ ᠲᠤᠬᠠᠢ ᠯᠢᠦ ᠵᠢᠨ ᠰᠦᠧᠸ 1846 ᠣᠨ ᠠᠴᠠ ᠡᠬᠢᠯᠡᠨ ᠪᠢᠴᠢᠵᠦ᠂ 1849 ᠣᠨ ᠳᠤ ᠲᠠᠭᠤᠰᠬᠠᠵᠠᠢ ᠭᠡᠵᠦ ᠦᠵᠡᠪᠡ᠃ 《 ᠪᠤᠯᠤᠷ ᠲᠤᠯᠢ 》 ᠶᠢᠨ ᠠᠭᠤᠯᠭ᠎ᠠ ᠨᠢ ᠭᠤᠷᠪᠠᠨ ᠵᠦᠢᠯ ᠳᠦ ᠬᠤᠪᠢᠶᠠᠭᠳᠠᠨ᠎ᠠ᠃ ᠨᠢᠬᠡ ᠳᠦ᠂ ᠲᠦᠷᠪᠡᠨ ᠵᠦᠢᠯ ᠭᠠᠯᠠᠪ ᠤᠨ ᠤᠷᠤᠰᠢᠬᠤ᠂ ᠡᠪᠳᠡᠷᠡᠬᠦ᠂ ᠬᠤᠭᠤᠰᠤᠷᠠᠬᠤ᠂ ᠲᠤᠭᠳᠠᠬᠤ ᠶᠢᠨ ᠶᠤᠰᠤ︔ ᠰᠦᠮᠪᠤᠷ ᠠᠭᠤᠯᠠ ᠪᠠ ᠲᠡᠬᠦᠨ ᠤ ᠲᠦᠷᠪᠡᠨ ᠵᠦᠭ ᠲᠤ ᠪᠠᠢᠭ᠎ᠠ ᠲᠦᠷᠪᠡᠨ ᠲᠢᠪ ᠤᠨ ᠲᠦᠷᠰᠦ ᠪᠠᠢᠳᠠᠯ᠂ ᠬᠡᠮᠵᠢᠶ᠎ᠡ︔ ᠲᠡᠭᠷᠢ ᠶᠢᠨ ᠤᠷᠤᠨ ᠤ ᠪᠠᠢᠳᠠᠯ ᠵᠡᠷᠭᠡ᠃ ᠬᠤᠶᠠᠷ ᠲᠤ᠂ ᠬᠢᠳᠠᠳ ᠲᠦᠪᠡᠳ ᠭᠠᠵᠠᠷ ᠤᠷᠤᠨ ᠤ ᠪᠠᠢᠳᠠᠯ᠂ ᠤᠯᠤᠰ ᠲᠦᠷᠦ ᠶᠢᠨ ᠪᠠᠢᠳᠠᠯ᠂ ᠲᠡᠷᠢᠬᠦᠯᠡᠭᠰᠡᠨ ᠬᠠᠭᠠᠨ ᠤ ᠤᠳᠤᠮ ᠦᠶ᠎ᠡ ᠤᠯᠠᠷᠢᠯ᠂ ᠱᠠᠰᠢᠨ ᠨᠤᠮ ᠲᠡᠯᠭᠡᠷᠡᠭᠰᠡᠨ ᠶᠤᠰᠤ᠂ ᠢᠯᠠᠩᠭᠤᠶ᠎ᠠ ᠵᠤᠤ ᠶᠢᠨ ᠤᠷᠤᠨ ᠢ ᠠᠩᠬ᠎ᠠ ᠪᠠᠢᠭᠤᠯᠤᠨ ᠪᠦᠳᠦᠭᠡᠭᠰᠡᠨ ᠶᠤᠰᠤ᠂ ᠽᠦᠩᠺᠠᠸ᠎ᠠ ᠲᠡᠷᠢᠬᠦᠳᠡᠨ ᠤ ᠱᠠᠰᠢᠨ ᠲᠡᠯᠭᠡᠷᠡᠭᠦᠯᠦᠭᠰᠡᠨ ᠶᠤᠰᠤ ᠵᠢᠴᠢ ᠽᠦᠩᠺᠠᠸ᠎ᠠ ᠶᠢᠨ ᠱᠠᠪᠢᠨᠠᠷ ᠠᠨᠤ ᠰᠢᠷ᠎ᠠ ᠶᠢᠨ ᠱᠠᠰᠢᠨ ᠢ ᠲᠡᠯᠭᠡᠷᠡᠭᠦᠯᠦᠭᠰᠡᠨ ᠶᠤᠰᠤ ᠶᠢ ᠪᠢᠴᠢᠪᠡ᠃ ᠭᠤᠷᠪᠠ ᠳᠦ᠂ ᠮᠤᠩᠭᠤᠯ ᠤᠷᠤᠨ ᠤ ᠭᠠᠵᠠᠷ ᠤᠷᠤᠨ᠂ ᠤᠯᠤᠰ ᠲᠦᠷᠦ ᠶᠢᠨ ᠪᠠᠢᠳᠠᠯ᠂ ᠬᠠᠭᠠᠨ ᠤ ᠤᠭ ᠤᠳᠤᠮ ᠵᠢᠴᠢ ᠦᠶ᠎ᠡ ᠤᠯᠠᠷᠢᠯ᠂ ᠮᠤᠩᠭᠤᠯ ᠤᠷᠤᠨ᠎ᠠ ᠱᠠᠰᠢᠨ ᠲᠡᠯᠭᠡᠷᠡᠭᠰᠡᠨ ᠲᠡᠦᠬᠡ᠂ ᠮᠠᠨᠵᠤ ᠶᠢᠨ ᠨᠤᠷᠬᠠᠭᠴᠢ ᠡᠴᠡ ᠠᠪᠤᠭᠠᠳ ᠲᠦᠷᠦ ᠬᠡᠷᠡᠯᠳᠦ ᠪᠤᠯᠳᠠᠯᠠᠬᠢ ᠮᠠᠨᠵᠤ ᠶᠢᠨ ᠬᠠᠳ ᠮᠤᠩᠭᠤᠯ ᠳᠦ ᠬᠡᠷᠡᠭᠵᠢᠭᠦᠯᠦᠭᠰᠡᠨ ᠲᠦᠷᠦ ᠶᠢᠨ ᠪᠤᠳᠤᠯᠭ᠎ᠠ ᠶᠢ ᠪᠢᠴᠢᠭᠰᠡᠨ ᠪᠠᠢᠨ᠎ᠠ᠃ ᠵᠢᠮᠪᠠᠳᠣᠷᠵᠢ ᠶᠢᠨ ᠵᠣᠬᠢᠶᠠᠭᠰᠠᠨ 《 ᠪᠤᠯᠤᠷ ᠲᠤᠯᠢ 》 ᠶᠢᠨ ᠤᠭ ᠡᠬᠡ ᠨᠢ ᠭᠤᠷᠪᠠᠨ ᠲᠡᠪᠲᠡᠷ ᠲᠠᠪᠤᠨ ᠬᠡᠰᠡᠭ ᠨᠡᠢᠲᠡ 215 ᠴᠠᠭᠠᠰᠤ ᠪᠠᠢᠭᠰᠠᠨ ᠭᠡᠵᠦ ᠦᠵᠡᠪᠡ᠂ ᠡᠨᠡ ᠤᠭ ᠲᠡᠪᠲᠡᠷ ᠨᠢ ᠥᠪᠥᠷ ᠮᠣᠩᠭᠣᠯ ᠤᠨ ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ ᠦᠨ ᠨᠣᠮ ᠤᠨ ᠰᠠᠩ ᠳᠤ ᠬᠠᠳᠠᠭᠠᠯᠠᠭᠳᠠᠵᠤ ᠪᠤᠢ᠃

《ᠪᠣᠯᠤᠷ ᠲᠣᠯᠢ》
蒙ICP备17000293号-1 蒙公网安备 15010202150932号