《 ᠲᠥᠪᠡᠳ ᠦᠭᠡ ᠬᠢᠯᠪᠠᠷ ᠰᠤᠷᠬᠤ ᠪᠢᠴᠢᠭ ᠭᠤᠷᠪᠠ ᠰᠢᠭᠦᠵᠦ ᠵᠠᠰᠠᠭᠰᠠᠨ ᠣᠷᠤᠰᠢᠪᠠᠢ 》
ᠴᠤᠪᠤᠷᠠᠯ ᠤ᠋ᠨ ᠨᠡᠷ᠎ᠡ: ᠮᠣᠩᠭᠤᠯ ᠲᠤᠯᠭᠤᠷ ᠪᠢᠴᠢᠭ ᠤ᠋ᠨ ᠴᠤᠪᠤᠷᠠᠯ
ᠵᠣᠬᠢᠶᠠᠭᠴᠢ: [ ᠴᠢᠩ ] ᠭᠤᠮᠪᠤᠵᠠᠪ
ᠬᠡᠯᠡ: ᠮᠣᠩᠭᠤᠯ
ᠬᠡᠪᠯᠡᠯ ᠤ᠋ᠨ ᠬᠣᠷᠢᠶ᠎ᠠ: ᠥᠪᠦᠷ ᠮᠣᠩᠭᠤᠯ ᠤ᠋ᠨ ᠠᠷᠠᠳ ᠤ᠋ᠨ ᠬᠡᠪᠯᠡᠯ ᠤ᠋ᠨ ᠬᠣᠷᠢᠶ᠎ᠠ
ᠬᠡᠪᠯᠡᠭᠰᠡᠨ ᠴᠠᠭ: 2018 ᠣᠨ ᠤ᠋ 09 ᠰᠠᠷ᠎ᠠ
ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ
ᠬᠡᠪᠯᠡᠭᠦᠯᠦᠭᠰᠡᠨ ᠪᠠᠢᠭᠤᠯᠭ᠎ᠠ: ᠥᠪᠦᠷ ᠮᠣᠩᠭᠤᠯ ᠤ᠋ᠨ ᠴᠦ᠋ᠬᠡᠨ ᠲᠣᠭᠠᠲᠦ ᠦᠨᠳᠦᠰᠦᠲᠡᠨ ᠤ᠋ ᠰᠤᠳᠤᠷ ᠪᠢᠴᠢᠭ ᠪᠣᠯᠤᠨ《 ᠭᠡᠰᠡᠷ》 ᠢ᠋ ᠡᠮᠬᠢᠳᠭᠡᠨ ᠰᠤᠳᠤᠯᠬᠤ ᠭᠠᠵᠠᠷ᠂ ᠥᠪᠦᠷ ᠮᠣᠩᠭᠤᠯ ᠤ᠋ᠨ ᠰᠢᠯᠢ ᠶ᠋ᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠣᠰᠢᠭᠤ᠂ ᠵᠠᠭᠦᠨ ᠦᠵᠦᠮᠦᠴᠢᠨ ᠬᠣᠰᠢᠭᠤ ᠬᠠᠮᠳᠤᠷᠠᠨ ᠬᠡᠪᠯᠡᠭᠦᠯᠪᠡ᠃
ᠲᠣᠪᠴᠢ ᠲᠠᠨᠢᠯᠴᠠᠭᠤᠯᠭ᠎ᠠ:
《ᠲᠥᠪᠡᠳ ᠦᠭᠡ ᠬᠢᠯᠪᠠᠷ ᠰᠤᠷᠬᠤ ᠪᠢᠴᠢᠭ ᠭᠤᠷᠪᠠ ᠰᠢᠭᠦᠵᠦ ᠵᠠᠰᠠᠭᠰᠠᠨ ᠣᠷᠤᠰᠢᠪᠠᠢ》 ᠪᠣᠯ ᠲᠥᠪᠡᠳ ᠮᠣᠩᠭᠤᠯ ᠬᠡᠯᠡᠨ ᠤ᠋ ᠲᠣᠯᠢ᠃ ᠡᠨᠡᠬᠦ ᠲᠣᠯᠢ ᠶ᠋ᠢ ᠭᠤᠮᠪᠤᠵᠠᠪ ᠨᠠᠢᠷᠠᠭᠤᠯᠵᠤ᠂ ᠪᠢᠯᠢᠭᠦᠨᠳᠠᠯᠠᠢ ᠨᠠᠷ ᠬᠢᠨᠠᠵᠤ᠂ 1737 ᠣᠨ ᠳ᠋ᠤ᠌ ᠪᠡᠭᠡᠵᠢᠩ ᠳ᠋ᠤ᠌ ᠮᠣᠳᠤᠨ ᠪᠠᠷ ᠢ᠋ᠶ᠋ᠡᠷ ᠬᠡᠪᠯᠡᠭᠦᠯᠵᠦ᠂ ᠪᠡᠭᠡᠵᠢᠩ ᠳ᠋ᠡᠬᠢ ᠲᠠᠩᠭᠤᠳ ᠪᠢᠴᠢᠭ ᠤ᠋ᠨ ᠰᠤᠷᠭᠠᠭᠤᠯᠢ