《ᠥᠪᠦᠷ ᠮᠣᠩᠭᠤᠯ ᠤ᠋ᠨ ᠦᠨᠳᠦᠰᠦᠲᠡᠨ ᠦ᠌ ᠥᠪ ᠰᠣᠶᠤᠯ ᠤ᠋ᠨ ᠳᠤᠷᠠᠰᠭᠠᠯ》 ᠤ᠋ᠨ ᠲᠠᠨᠢᠯᠴᠠᠭᠤᠯᠭ᠎ᠠ
《ᠥᠪᠦᠷ ᠮᠣᠩᠭᠤᠯ ᠤ᠋ᠨ ᠦᠨᠳᠦᠰᠦᠲᠡᠨ ᠦ᠌ ᠥᠪ ᠰᠣᠶᠤᠯ ᠤ᠋ᠨ ᠳᠤᠷᠠᠰᠭᠠᠯ》ᠭᠡᠬᠦ ᠴᠤᠪᠤᠷᠠᠯ ᠢ᠋ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠪᠣᠯᠤᠨ《 ᠭᠡᠰᠡᠷ》 ᠢ᠋ ᠴᠤᠭᠯᠠᠭᠤᠯᠤᠨ ᠡᠮᠬᠢᠳᠬᠡᠵᠤ ᠰᠤᠳᠤᠯᠬᠤ ᠭᠠᠵᠠᠷ ᠡᠴᠡ ᠵᠣᠬᠢᠶᠠᠨ ᠪᠠᠢᠭᠤᠯᠵᠤ ᠨᠠᠢᠷᠠᠭᠤᠯᠬᠤ ᠠᠵᠢᠯ ᠢ᠋ ᠪᠣᠳᠠᠲᠠᠢ ᠳᠠᠭᠠᠭᠠᠴᠢᠯᠠᠵᠤ ᠂《ᠠᠷᠪᠠᠨ ᠭᠤᠷᠪᠠᠳᠤᠭᠠᠷ ᠲᠠᠪᠤᠨ ᠵᠢᠯ》 ᠤ᠋ᠨ ᠲᠥᠯᠦᠪᠵᠢᠭᠦᠯᠭᠡ ᠶ᠋ᠢᠨ ᠨᠢᠭᠡᠨ ᠭᠣᠣᠯ ᠠᠭᠤᠯᠭ᠎ᠠ ᠪᠣᠯᠭᠠᠨ 2017 ᠣᠨ ᠡᠴᠡ ᠡᠬᠢᠯᠡᠨ ᠴᠤᠪᠤᠷᠠᠭᠤᠯᠤᠨ ᠬᠡᠪᠯᠡᠭᠦᠯᠬᠦ ᠪᠡᠷ ᠪᠣᠯᠪᠠ᠃ ᠲᠤᠰ ᠴᠤᠪᠤᠷᠠᠯ ᠳ᠋ᠤ᠌ ᠮᠠᠨ ᠤ᠋ ᠣᠷᠤᠨ ᠤ᠋ ᠣᠷᠤᠨ ᠨᠤᠲᠤᠭ ᠤ᠋ᠨ ᠲᠡᠦᠬᠡ᠂ ᠦᠯᠢᠭᠡᠷ ᠲᠤᠤᠯᠢ᠂ ᠠᠷᠠᠳ ᠤ᠋ᠨ ᠳᠠᠭᠤᠤ᠂ ᠨᠤᠲᠤᠭ ᠤ᠋ᠨ ᠣᠢᠯᠠᠯᠭ᠎ᠠ᠂ ᠣᠷᠤᠨ ᠨᠤᠲᠤᠭ ᠤ᠋ᠨ ᠣᠨ ᠳᠠᠷᠠᠭᠠᠯᠠᠭᠰᠠᠨ ᠲᠣᠮᠤ ᠬᠡᠷᠡᠭ ᠤᠴᠢᠷ ᠤ᠋ᠨ ᠲᠡᠮᠳᠡᠭᠯᠡᠯ᠂ ᠣᠯᠠᠨ ᠵᠦᠢᠯ ᠤ᠋ᠨ ᠰᠣᠨᠢᠨ ᠰᠡᠳᠭᠦᠯ ᠵᠡᠷᠭᠡ ᠴᠢᠬᠤᠯᠠ ᠦᠨ᠎ᠡ ᠥᠷᠲᠡᠭ ᠲᠡᠢ ᠣᠷᠤᠨ ᠨᠤᠲᠤᠭ ᠤ᠋ᠨ ᠥᠪ ᠰᠣᠶᠤᠯ ᠤ᠋ᠨ ᠳᠤᠷᠠᠰᠭᠠᠯ ᠤ᠋ᠳ ᠪᠠᠭᠲᠠᠨ᠎ᠠ᠃