《ᠮᠣᠩᠭᠤᠯ 〈ᠭᠡᠰᠡᠷ〉 ᠤ᠋ᠨ ᠴᠤᠪᠤᠷᠠᠯ》 ᠤ᠋ᠨ ᠲᠠᠨᠢᠯᠴᠠᠭᠤᠯᠭ᠎ᠠ
《ᠮᠣᠩᠭᠤᠯ 〈ᠭᠡᠰᠡᠷ〉 ᠤ᠋ᠨ ᠴᠤᠪᠤᠷᠠᠯ》 ᠪᠣᠯ ᠪᠦᠬᠦ ᠤᠯᠤᠰ ᠤ᠋ᠨ ᠠᠷᠪᠠᠨ ᠬᠣᠶᠠᠳᠤᠭᠠᠷ ᠲᠠᠪᠤᠨ ᠵᠢᠯ ᠤ᠋ᠨ ᠲᠥᠯᠦᠪᠵᠢᠭᠦᠯᠭᠡ ᠪᠠ ᠠᠷᠪᠠᠨ ᠭᠤᠷᠪᠠᠳᠤᠭᠠᠷ ᠲᠠᠪᠤᠨ ᠵᠢᠯ ᠤ᠋ᠨ ᠲᠥᠯᠦᠪᠵᠢᠭᠦᠯᠭᠡ ᠶ᠋ᠢᠨ ᠬᠤᠭᠤᠴᠠᠭᠠᠨ ᠳ᠋ᠠᠬᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ 《ᠭᠡᠰᠡᠷ》 ᠤ᠋ᠨ ᠲᠤᠤᠯᠢ ᠶ᠋ᠢ ᠠᠪᠤᠷᠠᠵᠤ ᠬᠠᠮᠠᠭᠠᠯᠠᠬᠤ ᠴᠢᠬᠤᠯᠠ ᠲᠥᠰᠦᠯ ᠲᠥᠯᠦᠪᠯᠡᠭᠡ ᠶ᠋ᠢᠨ ᠨᠢᠭᠡ ᠨᠢ ᠪᠣᠯᠤᠨ᠎ᠠ᠃2016 ᠣᠨ ᠡᠴᠡ ᠡᠬᠢᠯᠡᠵᠦ ᠪᠠᠷᠤᠭ 60 ᠭᠠᠷᠤᠢ ᠳᠡᠪᠲᠡᠷ ᠴᠤᠪᠤᠷᠠᠯ ᠨᠣᠮ ᠬᠡᠪᠯᠡᠭᠳᠡᠬᠦ ᠪᠠᠷ ᠪᠣᠢ ᠪᠥᠭᠡᠳ ᠲᠥᠷᠦᠯ ᠵᠦᠢᠯ ᠤ᠋ᠨ ᠬᠤᠪᠢ ᠳ᠋ᠤ᠌ ᠡᠷᠳᠡᠮ ᠰᠢᠨᠵᠢᠯᠡᠭᠡᠨ ᠤ᠋ ᠲᠤᠰᠭᠠᠢ ᠲᠤᠭᠤᠷᠪᠢᠯ᠂ ᠬᠠᠷᠭᠤᠭᠤᠯᠵᠤ ᠲᠠᠢᠯᠪᠤᠷᠢᠯᠠᠭᠰᠠᠨ ᠲᠸᠺᠰᠲ᠂ ᠴᠤᠭᠯᠠᠭᠤᠯᠵᠤ ᠡᠮᠬᠢᠳᠭᠡᠭᠰᠡᠨ ᠲᠸᠺᠰᠲ᠂ ᠵᠠᠰᠠᠵᠤ ᠬᠡᠪᠯᠡᠭᠦᠯᠦᠭᠰᠡᠨ ᠲᠤᠭᠤᠷᠪᠢᠯ᠂ ᠥᠭᠦᠯᠡᠯ ᠦ᠋ᠨ ᠲᠡᠭᠦᠪᠦᠷᠢ᠂ ᠭᠡᠰᠡᠷᠷᠴᠢᠳ ᠦ᠋ᠨ ᠲᠤᠬᠠᠢ ᠰᠤᠳᠤᠯᠤᠯ᠂ ᠲᠣᠯᠢ ᠪᠢᠴᠢᠭ᠂ ᠤᠷᠠᠨ ᠵᠣᠬᠢᠶᠠᠯ ᠤ᠋ᠨ ᠤᠩᠰᠢᠬᠤ ᠪᠢᠴᠢᠭ ᠵᠡᠷᠭᠡ ᠣᠯᠠᠨ ᠲᠥᠷᠦᠯ ᠰᠲ᠋ᠢᠯᠢ ᠶ᠋ᠢᠨ ᠪᠦᠲᠦᠭᠡᠯ ᠤ᠋ᠳ ᠢ᠋ ᠪᠠᠭᠲᠠᠭᠠᠭᠰᠠᠨ ᠪᠠᠢᠬᠤ ᠪᠣᠯᠤᠨ᠎ᠠ᠃