《ᠮᠣᠩᠭᠤᠯ ᠲᠥᠪᠡᠳ〈 ᠭᠡᠰᠡᠷ〉 ᠤ᠋ᠨ ᠬᠠᠷᠢᠴᠠᠭ᠎ᠠ》 ᠪᠣᠯ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋《 ᠭᠡᠰᠡᠷ》ᠢ᠋ ᠠᠪᠤᠷᠠᠨ ᠬᠠᠮᠠᠭᠠᠯᠠᠬᠤ ᠢᠨᠵᠧᠨᠧᠷᠢᠩ ᠤ᠋ᠨ ᠠᠵᠢᠯ ᠤ᠋ᠨ ᠲᠥᠰᠦᠯ᠂《ᠮᠣᠩᠭᠤᠯ ᠭᠡᠰᠡᠷ ᠤ᠋ᠨ ᠴᠤᠪᠤᠷᠠᠯ》ᠤ᠋ᠨ 3 ᠳ᠋ᠤᠭᠠᠷ ᠳᠡᠪᠲᠡᠷ ᠢ᠋ᠶ᠋ᠡᠷ 2015 ᠣᠨ ᠳ᠋ᠤ᠌ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶᠠᠨ ᠳ᠋ᠤ᠌ ᠳᠠᠬᠢᠵᠦ ᠬᠡᠪᠯᠡᠭᠳᠡᠪᠡ᠃ ᠲᠤᠰ ᠨᠣᠮ ᠢ᠋ ᠵᠣᠬᠢᠶᠠᠭᠴᠢ ᠮ • ᠰ • ᠥᠯᠵᠡᠢ ᠡᠴᠡ ᠮᠣᠩᠭᠤᠯ ᠲᠥᠪᠡᠳ《 ᠭᠡᠰᠡᠷ》 ᠤ᠋ᠨ ᠣᠯᠠᠨ ᠡᠬᠡ ᠶ᠋ᠢᠨ ᠳᠣᠲᠤᠷᠠᠬᠢ ᠭᠣᠣᠯᠯᠠᠬᠤ ᠵᠦᠢᠯᠡᠰ ᠢ᠋ ᠰᠣᠩᠭᠤᠨ ᠠᠪᠴᠤ᠂ ᠬᠠᠷᠢᠴᠠᠭᠤᠯᠤᠨ ᠰᠤᠳᠤᠯᠬᠤ ᠠᠷᠭ᠎ᠠ ᠶ᠋ᠢ ᠬᠡᠷᠡᠭᠯᠡᠵᠦ᠂ ᠲᠡᠳᠡᠨ ᠦ᠌ ᠬᠣᠭᠤᠷᠤᠨᠳᠤ ᠨᠢ ᠠᠭᠤᠯᠭ᠎ᠠ᠂ ᠳᠦᠷᠢ᠂ ᠤᠷᠠᠯᠢᠭ ᠵᠡᠷᠭᠡ ᠬᠡᠳᠦᠨ ᠲᠠᠯ᠎ᠠ ᠡᠴᠡ ᠨᠠᠷᠢᠨ ᠠᠵᠢᠭᠯᠠᠯᠲᠠ ᠬᠢᠭᠡᠳ ᠲᠡᠳᠡᠨ ᠤ᠋ ᠬᠣᠭᠤᠷᠤᠨᠳᠤᠬᠢ ᠬᠠᠷᠢᠴᠠᠭ᠎ᠠ ᠬᠣᠯᠪᠤᠭ᠎ᠠ ᠶ᠋ᠢ ᠲᠣᠳᠤᠷᠬᠠᠢᠯᠠᠪᠠ᠃ ᠲᠤᠰ ᠨᠣᠮ ᠳ᠋ᠤ᠌ ᠳᠣᠣᠷᠠᠬᠢ ᠬᠡᠳᠦᠨ ᠪᠦᠯᠦᠭ ᠪᠤᠢ᠄ ⒈ᠤᠯᠤᠰ ᠤ᠋ᠨ ᠳᠣᠲᠤᠭᠠᠳᠤ ᠭᠠᠳᠠᠭᠠᠳᠤ ᠳ᠋ᠠᠬᠢ《 ᠭᠡᠰᠡᠷ》 ᠤ᠋ᠨ ᠰᠤᠳᠤᠯᠭᠠᠨ ᠤ᠋ ᠲᠣᠢᠮᠤ ⒉ᠮᠣᠩᠭᠤᠯ ᠲᠥᠪᠡᠳ《 ᠭᠡᠰᠡᠷ》 ᠤ᠋ᠨ ᠲᠣᠢᠮᠤ ⒊ᠮᠣᠩᠭᠤᠯ ᠲᠥᠪᠡᠳ《 ᠭᠡᠰᠡᠷ》 ᠤ᠋ᠨ ᠬᠠᠷᠢᠴᠠᠭᠤᠯᠤᠯ ⒋ᠮᠣᠩᠭᠤᠯ ᠲᠥᠪᠡᠳ《 ᠭᠡᠰᠡᠷ》 ᠤ᠋ᠨ ᠬᠠᠷᠢᠴᠠᠭ᠎ᠠ