《< ᠭᠡᠰᠡᠷ ᠤ᠋ᠨ ᠲᠤᠭᠤᠵᠢ> ᠶ᠋ᠢᠨ ᠪᠠᠷᠠᠭᠤᠨ ᠮᠣᠩᠭᠤᠯ ᠬᠤᠪᠢᠯᠪᠤᠷᠢ ᠨᠤᠭᠤᠳ ᠤ᠋ᠨ ᠰᠤᠳᠤᠯᠤᠯ》 ᠪᠣᠯ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋《 ᠭᠡᠰᠡᠷ》ᠢ᠋ ᠠᠪᠤᠷᠠᠨ ᠬᠠᠮᠠᠭᠠᠯᠠᠬᠤ ᠢᠨᠵᠧᠨᠧᠷᠢᠩ ᠤ᠋ᠨ ᠠᠵᠢᠯ ᠤ᠋ᠨ ᠲᠥᠰᠦᠯ᠂《ᠮᠣᠩᠭᠤᠯ ᠭᠡᠰᠡᠷ ᠤ᠋ᠨ ᠴᠤᠪᠤᠷᠠᠯ》ᠤ᠋ᠨ 4 ᠳ᠋ᠤᠭᠠᠷ ᠳᠡᠪᠲᠡᠷ ᠢ᠋ᠶ᠋ᠡᠷ 2015 ᠣᠨ ᠳ᠋ᠤ᠌ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶᠠᠨ ᠳ᠋ᠤ᠌ ᠳᠠᠬᠢᠵᠦ ᠬᠡᠪᠯᠡᠭᠳᠡᠪᠡ᠃ ᠲᠤᠰ ᠨᠣᠮ ᠪᠣᠯ ᠪᠠᠷᠠᠭᠤᠨ ᠬᠣᠢᠲᠦ ᠶ᠋ᠢᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠮᠣᠩᠭᠤᠯ ᠬᠡᠯᠡ ᠰᠣᠶᠤᠯ ᠤ᠋ᠨ ᠳᠡᠭᠡᠳᠦ ᠰᠤᠷᠭᠠᠭᠤᠯᠢ ᠶ᠋ᠢᠨ ᠫᠷᠣᠹᠧᠰᠰᠣᠷ ᠮ • ᠦᠨᠢᠡᠤᠯᠠᠭᠠᠨ ᠪᠠᠭᠰᠢ ᠶ᠋ᠢᠨ ᠲᠤᠰᠭᠠᠢ ᠰᠤᠳᠤᠯᠤᠭᠰᠠᠨ ᠨᠣᠮ ᠮᠥᠨ᠃ ᠰᠢᠨᠵᠢᠶᠠᠩ᠂ ᠬᠥᠬᠡᠨᠠᠭᠤᠷ᠂ ᠭᠠᠨᠰᠦ ᠪᠣᠯ《 ᠭᠡᠰᠡᠷ ᠤ᠋ᠨ ᠲᠤᠭᠤᠵᠢ》 ᠪᠠᠷᠠᠭᠤᠨ ᠮᠣᠩᠭᠤᠯ ᠳ᠋ᠤ᠌ ᠳᠡᠯᠭᠡᠷᠡᠭᠰᠡᠨ ᠭᠣᠣᠯ ᠣᠷᠤᠨ ᠂ ᠭᠡᠬᠦ ᠳ᠋ᠤ᠌ ᠵᠣᠬᠢᠶᠠᠭᠴᠢ ᠬᠠᠭᠤᠳᠠᠰᠤ ᠨᠢᠭᠤᠷ ᠣᠯᠠᠨ᠂ ᠪᠠᠶᠠᠯᠢᠭ ᠠᠭᠤᠯᠭ᠎ᠠ ᠲᠠᠢ ᠰᠢᠨᠵᠢᠶᠠᠩ ᠤ᠋ᠨ ᠣᠢᠷᠠᠳ《ᠭᠡᠰᠡᠷ ᠤ᠋ᠨ ᠲᠤᠭᠤᠵᠢ》 ᠳ᠋ᠤ᠌ ᠭᠣᠣᠯ ᠬᠦᠴᠦ ᠪᠠᠨ ᠲᠠᠯᠪᠢᠵᠤ᠂ ᠠᠷᠪᠢᠨ ᠲᠠᠯ᠎ᠠ ᠪᠡᠷ ᠬᠦᠨᠵᠡᠭᠡᠢ ᠰᠤᠳᠤᠯᠵᠤ᠂ ᠥᠩᠭᠡᠷᠡᠭᠰᠡᠨ ᠦ᠌ ᠰᠤᠳᠤᠯᠤᠯ ᠤ᠋ᠨ ᠬᠦᠷᠢᠶ᠎ᠡ ᠴᠠᠷᠠᠭ᠎ᠠ ᠶ᠋ᠢ ᠥᠷᠭᠡᠳᠭᠡᠵᠦ ᠪᠠᠷᠠᠭᠤᠨ ᠮᠣᠩᠭᠤᠯ《ᠭᠡᠰᠡᠷ ᠦ᠋ᠨ ᠲᠤᠭᠤᠵᠢ》 ᠶ᠋ᠢᠨ ᠰᠣᠶᠤᠯ ᠤ᠋ᠨ ᠠᠭᠤᠯᠭ᠎ᠠ ᠶ᠋ᠢ ᠪᠠᠶᠠᠯᠢᠭᠵᠢᠭᠤᠯᠤᠭᠰᠠᠨ ᠪᠠᠢᠪᠠ᠃ ᠬᠣᠢᠰᠢᠳᠠ ᠶ᠋ᠢᠨ ᠰᠤᠳᠤᠯᠭᠠᠨ ᠳ᠋ᠤ᠌ ᠲᠤᠰᠠᠯᠠᠮᠵᠢ ᠪᠣᠯᠭᠠᠬᠤ ᠶ᠋ᠢᠨ ᠲᠥᠯᠦᠭᠡ ᠪᠠᠷᠠᠭᠤᠨ ᠮᠣᠩᠭᠤᠯ ᠬᠤᠪᠢᠯᠪᠤᠷᠢ ᠨᠤᠭᠤᠳ ᠢ᠋ ᠪᠠᠭᠲᠠᠭᠠᠪᠠ᠃ ᠪᠠᠷᠠᠭᠤᠨ ᠮᠣᠩᠭᠤᠯ《 ᠭᠡᠰᠡᠷ ᠤ᠋ᠨ ᠲᠤᠭᠤᠵᠢ》 ᠶ᠋ᠢᠨ ᠬᠤᠪᠢᠯᠪᠤᠷᠢ ᠨᠤᠭᠤᠳ ᠤ᠋ᠨ ᠣᠨᠴᠠᠯᠢᠭ ᠰᠢᠨᠵᠢ ᠶ᠋ᠢ ᠢᠯᠡᠷᠡᠭᠦᠯᠬᠦ ᠶ᠋ᠢᠨ ᠳᠠᠭᠠᠤ ᠳ᠋ᠤ᠌ ᠵᠠᠷᠢᠮ ᠵᠡᠭᠦᠨ ᠮᠣᠩᠭᠤᠯ《 ᠭᠡᠰᠡᠷ ᠤ᠋ᠨ ᠲᠤᠭᠤᠵᠢ》 ᠶ᠋ᠢᠨ ᠬᠤᠪᠢᠯᠪᠤᠷᠢ ᠨᠤᠭᠤᠳ ᠢ᠋ ᠰᠤᠳᠤᠯᠤᠭᠰᠠᠨ ᠠᠵᠠᠢ᠃ ᠡᠳᠡᠭᠡᠷ ᠢ᠋ᠶ᠋ᠡᠨ ᠵᠣᠬᠢᠶᠠᠭᠴᠢ 2001-2004 ᠣᠨ ᠤ᠋ ᠬᠣᠭᠤᠷᠤᠨᠳᠤ ᠲᠤᠬᠠᠢ ᠶ᠋ᠢᠨ ᠭᠠᠵᠠᠷ ᠲᠤ᠌ ᠪᠠᠢᠴᠠᠭᠠᠭᠰᠠᠨ ᠮᠠᠲ᠋ᠧᠷᠢᠶᠠᠯ ᠢ᠋ᠶ᠋ᠠᠨ ᠦᠨᠳᠦᠰᠦᠯᠡᠨ ᠰᠢᠰᠲ᠋ᠧᠮ ᠲᠠᠢ᠂ ᠭᠦᠨᠵᠡᠭᠡᠢ᠂ ᠣᠯᠠᠨ ᠬᠠᠷᠠᠭ᠎ᠠ ᠡᠴᠡ ᠰᠢᠨᠵᠢᠯᠡᠨ ᠰᠤᠳᠤᠯᠤᠭᠰᠠᠨ ᠪᠠᠢᠨ᠎ᠠ᠃ ᠲᠤᠰ ᠨᠣᠮ ᠬᠣᠶᠠᠷ ᠡᠮᠬᠢᠳᠭᠡᠯ ᠪᠠ ᠳᠠᠭᠠᠯᠳᠤᠭᠤᠯᠪᠠᠯ ᠤ᠋ᠨ ᠬᠡᠰᠡᠭ ᠢ᠋ᠶ᠋ᠡᠷ ᠪᠦᠷᠢᠯᠳᠦᠪᠡ᠃ ᠨᠢᠭᠡᠳᠦᠭᠡᠷ ᠡᠮᠬᠢᠳᠭᠡᠯ᠂ 《 ᠭᠡᠰᠡᠷ ᠤ᠋ᠨ ᠲᠤᠭᠤᠵᠢ》 ᠶ᠋ᠢᠨ ᠪᠠᠷᠠᠭᠤᠨ ᠮᠣᠩᠭᠤᠯ ᠬᠤᠪᠢᠯᠪᠤᠷᠢ ᠨᠤᠭᠤᠳ ᠤ᠋ᠨ ᠰᠤᠳᠤᠯᠭᠠᠨ; ᠬᠣᠶᠠᠳᠤᠭᠠᠷ ᠡᠮᠬᠢᠳᠭᠡᠯ᠂ 《 ᠭᠡᠰᠡᠷ ᠤ᠋ᠨ ᠲᠤᠭᠤᠵᠢ》 ᠶ᠋ᠢᠨ ᠲᠥᠯᠦᠭᠡᠯᠡᠬᠦ ᠴᠢᠨᠠᠷᠲᠠᠢ ᠪᠠᠷᠠᠭᠤᠨ ᠮᠣᠩᠭᠤᠯ ᠬᠤᠪᠢᠯᠪᠤᠷᠢ ᠨᠤᠭᠤᠳ; ᠳᠠᠭᠠᠯᠳᠤᠭᠤᠯᠤᠯ᠂《 ᠭᠡᠰᠡᠷ ᠤ᠋ᠨ ᠲᠤᠭᠤᠵᠢ》 ᠶ᠋ᠢᠨ ᠵᠠᠷᠢᠮ ᠵᠡᠭᠦᠨ ᠮᠣᠩᠭᠤᠯ ᠬᠤᠪᠢᠯᠪᠤᠷᠢ ᠨᠤᠭᠤᠳ ᠤ᠋ᠨ ᠰᠤᠳᠤᠯᠤᠯ; 《ᠭᠡᠰᠡᠷ ᠤ᠋ᠨ ᠲᠤᠭᠤᠵᠢ》 ᠶ᠋ᠢᠨ ᠰᠤᠳᠤᠯᠭᠠᠨ ᠤ᠋ ᠨᠣᠮ ᠥᠭᠦᠯᠡᠯ ᠤ᠋ᠨ ᠭᠠᠷᠴᠠᠭ᠃