ᠣᠳᠣᠬᠢ ᠪᠠᠢᠷᠢ : ᠲᠡᠷᠢᠭᠦᠨ ᠨᠢᠭᠤᠷ > ᠰᠢᠯᠢᠳᠡᠭ ᠨᠣᠮ ᠰᠤᠳᠤᠷ ᠤ᠋ᠨ ᠦᠵᠡᠭᠦᠯᠭᠡ > ᠮᠣᠩᠭᠤᠯ 《 ᠬᠡᠰᠡᠷ 》 ᠤ᠋ᠨ ᠴᠤᠪᠤᠷᠠᠯ
《<ᠭᠡᠰᠡᠷ> ᠰᠤᠳᠤᠯᠤᠯ ᠤ᠋ᠨ ᠥᠭᠦᠯᠡᠯ ᠤ᠋ᠨ ᠴᠢᠭᠤᠯᠭᠠᠨ》(1-3)
ᠴᠤᠪᠤᠷᠠᠯ ᠤ᠋ᠨ ᠨᠡᠷ᠎ᠡ: 《ᠭᠡᠰᠡᠷ》 ᠤ᠋ᠨ ᠴᠤᠪᠤᠷᠠᠯ ᠵᠣᠬᠢᠶᠠᠭᠴᠢ: ᠮᠥᠩᠬᠡᠵᠠᠶᠠᠭ᠎ᠠ ᠣᠳᠣᠬᠦᠦ ᠨᠠᠢᠷᠠᠭᠤᠯᠪᠠ ᠬᠡᠯᠡ: ᠮᠣᠩᠭᠤᠯ ᠬᠡᠪᠯᠡᠯ ᠤ᠋ᠨ ᠬᠣᠷᠢᠶ᠎ᠠ: ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶ᠎ᠠ ᠬᠡᠪᠯᠡᠭᠰᠡᠨ ᠴᠠᠭ: 2020 ᠣᠨ ᠤ᠋ 11 ᠰᠠᠷ᠎ᠠ ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ ᠬᠡᠪᠯᠡᠭᠦᠯᠦᠭᠰᠡᠨ ᠪᠠᠢᠭᠤᠯᠭ᠎ᠠ: ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠴᠤᠭᠯᠠᠭᠤᠯᠤᠨ ᠡᠮᠬᠢᠳᠭᠡᠵᠦ ᠰᠤᠳᠤᠯᠬᠤ ᠲᠠᠰᠤᠭ
ᠲᠣᠪᠴᠢ ᠲᠠᠨᠢᠯᠴᠠᠭᠤᠯᠭ᠎ᠠ:

《<ᠭᠡᠰᠡᠷ> ᠰᠤᠳᠤᠯᠤᠯ ᠤ᠋ᠨ ᠥᠭᠦᠯᠡᠯ ᠤ᠋ᠨ ᠴᠢᠭᠤᠯᠭᠠᠨ》 ᠭᠡᠬᠦ ᠪᠦᠲᠦᠭᠡᠯ  ᠳ᠋ᠤ᠌ 20 ᠳ᠋ᠤᠭᠠᠷ ᠵᠠᠭᠤᠨ ᠤ᠋ ᠲᠠᠪᠢᠭᠠᠳ ᠣᠨ ᠤ᠋ ᠳᠤᠮᠳᠠᠴᠢ ᠡᠴᠡ 2015 ᠣᠨ ᠤ᠋ ᠰᠡᠭᠦᠯᠴᠢ ᠬᠦᠷᠲᠡᠯ᠎ᠡ ᠤᠯᠤᠰ ᠤ᠋ᠨ ᠲᠣᠲᠤᠭᠠᠳᠤ ᠳ᠋ᠤ᠌ ᠮᠣᠩᠭᠤᠯ ᠬᠢᠲᠠᠳ ᠬᠡᠯᠡᠨ ᠳᠡᠭᠡᠷ᠎ᠡ ᠢᠯᠡ ᠪᠡᠷ ᠨᠡᠢᠲᠡᠯᠡᠭᠦᠯᠵᠦ ᠬᠡᠪᠯᠡᠭᠦᠯᠦᠭᠰᠡᠨ 500 ᠮᠣᠩᠭᠤᠯ《ᠭᠡᠰᠡᠷ》 ᠰᠤᠳᠤᠯᠤᠯ ᠤ᠋ᠨ ᠥᠭᠦᠯᠡᠯ ᠡᠴᠡ ᠨᠡᠯᠢᠶᠡᠳ ᠲᠥᠯᠦᠭᠡᠯᠡᠬᠦ ᠴᠢᠨᠠᠷ ᠲᠠᠢ133 ᠥᠭᠦᠯᠡᠯ ᠢ᠋ ᠰᠣᠩᠭᠤᠨ ᠬᠡᠪᠯᠡᠭᠦᠯᠵᠡᠢ᠃ ᠲᠤᠰ《 ᠴᠢᠭᠤᠯᠭᠠᠨ》 ᠨᠢ ᠳᠤᠮᠳᠠᠳᠤ ᠤᠯᠤᠰ  ᠲᠡᠬᠢ ᠮᠣᠩᠭᠤᠯ 《ᠭᠡᠰᠡᠷ》 ᠰᠤᠳᠤᠯᠤᠯ ᠤ᠋ᠨ ᠲᠡᠦᠬᠡᠨ ᠬᠥᠭᠵᠢᠯᠲᠡ  ᠶ᠋ᠢᠨ ᠮᠥᠷ ᠤᠯᠪᠠᠭ᠎ᠠ᠂ ᠣᠯᠤᠭᠰᠠᠨ ᠠᠮᠵᠢᠯᠲᠡ᠂ ᠰᠤᠳᠤᠯᠭᠠᠨ ᠤ᠋ ᠲᠦᠪᠰᠢᠨ ᠵᠢᠴᠢ ᠰᠤᠳᠤᠯᠭᠠᠨ ᠤ᠋ ᠬᠦᠷᠢᠶ᠎ᠡ ᠴᠠᠷᠠᠭ᠎ᠠ ᠭᠡᠬᠦ ᠣᠯᠠᠨ ᠲᠠᠯ᠎ᠠ ᠶ᠋ᠢᠨ ᠪᠠᠢᠳᠠᠯ ᠢ᠋ ᠪᠤᠰᠤᠳᠴᠢ  ᠪᠡᠷ ᠬᠠᠷᠠᠭᠤᠯᠵᠠᠢ᠃ ᠲᠤᠬᠠᠢᠯᠠᠪᠠᠯ ᠥᠭᠦᠯᠡᠯ ᠰᠣᠩᠭᠤᠬᠤ ᠳ᠋ᠤ᠌ ᠪᠠᠨ ᠠᠳᠠᠯᠢ ᠪᠤᠰᠤ ᠴᠠᠭ ᠦᠶ᠎ᠡ ᠶ᠋ᠢᠨ ᠰᠤᠳᠤᠯᠭᠠᠨ ᠤ᠋ ᠬᠠᠷᠠᠭᠠᠰᠤ ᠴᠡᠭ ᠤ᠋ᠨ ᠬᠤᠪᠢᠷᠠᠯᠲᠠ᠂ ᠬᠦᠷᠢᠶ᠎ᠡ ᠴᠠᠷᠠᠭ᠎ᠠ ᠶ᠋ᠢᠨ ᠲᠠᠯᠠᠷᠠᠯ᠂ ᠠᠷᠭ᠎ᠠ ᠠᠪᠴᠠᠯ ᠤ᠋ᠨ ᠰᠢᠨᠡᠴᠢᠯᠡᠯ ᠪᠠ ᠬᠦᠨᠵᠡᠭᠡᠢᠷᠡᠯ ᠵᠡᠷᠭᠡ ᠡᠯᠧᠮᠧᠨ᠋ᠲ ᠢ᠋ ᠲᠤᠰᠭᠠᠨ ᠬᠠᠷᠠᠭᠤᠯᠵᠠᠢ᠃ ᠲᠤᠰ《 ᠴᠢᠭᠤᠯᠭᠠᠨ》 ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋《 ᠭᠡᠰᠡᠷ》ᠢ᠋ ᠠᠪᠤᠷᠠᠨ ᠬᠠᠮᠠᠭᠠᠯᠠᠬᠤ ᠢᠨᠵᠧᠨᠧᠷᠢᠩ ᠤ᠋ᠨ ᠠᠵᠢᠯ ᠤ᠋ᠨ ᠲᠥᠰᠦᠯ᠂ 《ᠭᠡᠰᠡᠷ ᠤ᠋ᠨ ᠴᠤᠪᠤᠷᠠᠯ》ᠤ᠋ᠨ 36 ᠳ᠋ᠤᠭᠠᠷ ᠳᠡᠪᠲᠡᠷ ᠢ᠋ᠶ᠋ᠡᠷ 2021 ᠣᠨ ᠳ᠋ᠤ᠌ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶᠠᠨ  ᠳ᠋ᠤ᠌ ᠬᠡᠪᠯᠡᠭᠳᠡᠪᠡ᠃

《<ᠭᠡᠰᠡᠷ> ᠰᠤᠳᠤᠯᠤᠯ ᠤ᠋ᠨ ᠥᠭᠦᠯᠡᠯ ᠤ᠋ᠨ ᠴᠢᠭᠤᠯᠭᠠᠨ》(1-3)
蒙ICP备17000293号-1 蒙公网安备 15010202150932号