ᠣᠳᠣᠬᠢ ᠪᠠᠢᠷᠢ : ᠲᠡᠷᠢᠭᠦᠨ ᠨᠢᠭᠤᠷ > ᠰᠢᠯᠢᠳᠡᠭ ᠨᠣᠮ ᠰᠤᠳᠤᠷ ᠤ᠋ᠨ ᠦᠵᠡᠭᠦᠯᠭᠡ > ᠮᠣᠩᠭᠤᠯ 《 ᠬᠡᠰᠡᠷ 》 ᠤ᠋ᠨ ᠴᠤᠪᠤᠷᠠᠯ
《ᠬᠠᠯᠢᠮᠠᠭ ᠠᠮᠠᠨ ᠤᠯᠠᠮᠵᠢᠯᠠᠯ ᠤ᠋ᠨ<ᠭᠡᠰᠡᠷ> ᠤ᠋ᠨ ᠰᠤᠳᠤᠯᠤᠯ》ᠨᠣᠮ ᠤ᠋ᠨ ᠲᠠᠨᠢᠯᠴᠠᠭᠤᠯᠭ᠎ᠠ
ᠴᠤᠪᠤᠷᠠᠯ ᠤ᠋ᠨ ᠨᠡᠷ᠎ᠡ: ᠮᠣᠩᠭᠤᠯ《 ᠭᠡᠰᠡᠷ》 ᠤ᠋ᠨ ᠴᠤᠪᠤᠷᠠᠯ ᠵᠣᠬᠢᠶᠠᠭᠴᠢ: ᠠᠷᠤᠤᠬᠠᠨ ᠵᠣᠬᠢᠶᠠᠪᠠ ᠬᠡᠯᠡ: ᠮᠣᠩᠭᠤᠯ ᠬᠡᠪᠯᠡᠯ ᠤ᠋ᠨ ᠬᠣᠷᠢᠶ᠎ᠠ: ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶ᠎ᠠ ᠬᠡᠪᠯᠡᠭᠰᠡᠨ ᠴᠠᠭ: 2021 ᠣᠨ ᠤ᠋ 09 ᠰᠠᠷ᠎ᠠ ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ ᠬᠡᠪᠯᠡᠭᠦᠯᠦᠭᠰᠡᠨ ᠪᠠᠢᠭᠤᠯᠭ᠎ᠠ: ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠴᠤᠭᠯᠠᠭᠤᠯᠤᠨ ᠡᠮᠬᠢᠳᠭᠡᠵᠦ ᠰᠤᠳᠤᠯᠬᠤ ᠲᠠᠰᠤᠭ
ᠲᠣᠪᠴᠢ ᠲᠠᠨᠢᠯᠴᠠᠭᠤᠯᠭ᠎ᠠ:

《ᠬᠠᠯᠢᠮᠠᠭ ᠠᠮᠠᠨ ᠤᠯᠠᠮᠵᠢᠯᠠᠯ ᠤ᠋ᠨ<ᠭᠡᠰᠡᠷ> ᠤ᠋ᠨ ᠰᠤᠳᠤᠯᠤᠯ》 ᠪᠣᠯ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋《ᠭᠡᠰᠡᠷ》ᠢ᠋ ᠠᠪᠤᠷᠠᠨ ᠬᠠᠮᠠᠭᠠᠯᠠᠬᠤ ᠢᠨᠵᠧᠨᠧᠷᠢᠩ ᠤ᠋ᠨ ᠠᠵᠢᠯ ᠤ᠋ᠨ ᠲᠥᠰᠦᠯ᠂ 《ᠮᠣᠩᠭᠤᠯ ᠭᠡᠰᠡᠷ ᠤ᠋ᠨ ᠴᠤᠪᠤᠷᠠᠯ》 ᠤ᠋ᠨ 26 ᠳ᠋ᠤᠭᠠᠷ ᠳᠡᠪᠲᠡᠷ ᠢ᠋ᠶ᠋ᠡᠷ 2021 ᠣᠨ ᠳ᠋ᠤ᠌ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶᠠᠨ  ᠳ᠋ᠤ᠌ ᠬᠡᠪᠯᠡᠭᠳᠡᠪᠡ᠃ ᠲᠤᠰ ᠨᠣᠮ  ᠳ᠋ᠤ᠌ 20 ᠳ᠋ᠤᠭᠠᠷ ᠵᠠᠭᠤᠨ ᠡᠴᠡ ᠨᠠᠭᠠᠰᠢᠬᠢ ᠬᠠᠯᠢᠮᠠᠭ ᠡᠴᠡ ᠴᠤᠭᠯᠠᠭᠤᠯᠵᠤ ᠲᠡᠮᠳᠡᠭᠯᠡᠭᠰᠡᠨ ᠠᠮᠠᠨ ᠤᠯᠠᠮᠵᠢᠯᠠᠯ ᠤ᠋ᠨ《 ᠭᠡᠰᠡᠷ》 ᠤ᠋ᠨ10 ᠲᠸᠺᠰᠲ ᠢ᠋ᠶ᠋ᠡᠷ ᠭᠣᠣᠯ ᠡᠬᠡ ᠬᠡᠷᠡᠭᠯᠡᠭᠳᠡᠭᠦᠨ ᠪᠣᠯᠭᠠᠵᠤ᠂ ᠬᠠᠯᠢᠮᠠᠭ《 ᠭᠡᠰᠡᠷ》 ᠬᠢᠭᠡᠳ ᠪᠤᠰᠤᠳ ᠭᠠᠵᠠᠷ ᠤ᠋ᠨ《 ᠭᠡᠰᠡᠷ》 ᠤ᠋ᠨ ᠬᠠᠷᠢᠴᠠᠭ᠎ᠠ ᠶ᠋ᠢ ᠲᠣᠳᠤᠷᠬᠠᠢᠯᠠᠬᠤ ᠵᠣᠷᠢᠯᠭ᠎ᠠ ᠡᠴᠡ ᠬᠠᠯᠢᠮᠠᠭ ᠠᠮᠠᠨ ᠤᠯᠠᠮᠵᠢᠯᠠᠯ ᠤ᠋ᠨ《 ᠭᠡᠰᠡᠷ》 ᠤ᠋ᠨ ᠠᠭᠤᠯᠭ᠎ᠠ ᠶ᠋ᠢ ᠦᠨᠳᠦᠰᠦᠯᠡᠨ ᠪᠡᠭᠡᠵᠢᠩ ᠪᠠᠷ ᠤ᠋ᠨ ᠪᠠ ᠯᠦᠩ ᠹᠦ ᠰᠸ ᠭᠡᠢᠳ ᠤ᠋ᠨ《 ᠭᠡᠰᠡᠷ》 ᠤ᠋ᠨ ᠪᠦᠯᠦᠭ  ᠦ᠋ᠳ ᠲᠤ᠌ ᠬᠣᠯᠪᠤᠭᠳᠠᠬᠤ ᠲᠸᠺᠰᠲ ᠤ᠋ᠨ ᠰᠤᠳᠤᠯᠤᠯ᠂《 ᠭᠡᠰᠡᠷ》 ᠪᠤᠶᠤ ᠪᠤᠰᠤᠳ ᠠᠮᠠᠨ ᠪᠦᠲᠦᠭᠡᠯ ᠢ᠋ ᠥᠭᠡᠷᠡᠴᠢᠯᠡᠵᠦ ᠨᠠᠢᠷᠠᠭᠤᠯᠤᠭᠰᠠᠨ ᠠᠮᠠᠨ ᠪᠦᠲᠦᠭᠡᠯ ᠤ᠋ᠨ ᠰᠤᠳᠤᠯᠤᠯ᠂ ᠭᠡᠰᠡᠷ ᠦ᠋ᠨ ᠨᠡᠷ᠎ᠡ ᠶ᠋ᠢ ᠬᠠᠯᠳᠠᠭᠠᠭᠰᠠᠨ ᠠᠮᠠᠨ ᠪᠦᠲᠦᠭᠡᠯ ᠦ᠋ᠨ ᠰᠤᠳᠤᠯᠤᠯ ᠵᠡᠷᠭᠡ ᠭᠤᠷᠪᠠᠨ ᠲᠠᠯ᠎ᠠ  ᠡᠴᠡ ᠬᠠᠯᠢᠮᠠᠭ ᠠᠮᠠᠨ ᠤᠯᠠᠮᠵᠢᠯᠠᠯ ᠤ᠋ᠨ ᠭᠡᠰᠡᠷ ᠤ᠋ᠨ ᠲᠤᠬᠠᠢ ᠰᠤᠳᠤᠯᠪᠠ᠃

《ᠬᠠᠯᠢᠮᠠᠭ ᠠᠮᠠᠨ ᠤᠯᠠᠮᠵᠢᠯᠠᠯ ᠤ᠋ᠨ<ᠭᠡᠰᠡᠷ> ᠤ᠋ᠨ ᠰᠤᠳᠤᠯᠤᠯ》ᠨᠣᠮ ᠤ᠋ᠨ ᠲᠠᠨᠢᠯᠴᠠᠭᠤᠯᠭ᠎ᠠ
蒙ICP备17000293号-1 蒙公网安备 15010202150932号