ᠣᠳᠣᠬᠢ ᠪᠠᠢᠷᠢ : ᠲᠡᠷᠢᠭᠦᠨ ᠨᠢᠭᠤᠷ > ᠰᠢᠯᠢᠳᠡᠭ ᠨᠣᠮ ᠰᠤᠳᠤᠷ ᠤ᠋ᠨ ᠦᠵᠡᠭᠦᠯᠭᠡ > ᠮᠣᠩᠭᠤᠯ 《 ᠬᠡᠰᠡᠷ 》 ᠤ᠋ᠨ ᠴᠤᠪᠤᠷᠠᠯ
《ᠭᠡᠰᠡᠷ ᠤ᠋ᠨ ᠲᠤᠭᠤᠵᠢ — ᠴᠢᠳᠭᠦᠷ ᠤ᠋ᠨ ᠬᠦᠮᠪᠦ ᠳ᠋ᠤ᠌ ᠮᠣᠷᠳᠠᠭᠰᠠᠨ ᠠᠷᠪᠠᠨ ᠳᠥᠷᠪᠡᠳᠦᠭᠡᠷ ᠪᠦᠯᠦᠭ》
ᠴᠤᠪᠤᠷᠠᠯ ᠤ᠋ᠨ ᠨᠡᠷ᠎ᠡ: ᠮᠣᠩᠭᠤᠯ《 ᠭᠡᠰᠡᠷ》 ᠤ᠋ᠨ ᠴᠤᠪᠤᠷᠠᠯ ᠵᠣᠬᠢᠶᠠᠭᠴᠢ: ᠶᠠᠩᠵᠠᠢᠲᠠᠢ ᠲᠡᠭᠦᠰᠪᠠᠶᠠᠷ ᠨᠠᠢᠷᠠᠭᠤᠯᠤᠨ ᠵᠣᠬᠢᠶᠠᠪᠠ᠃ ᠬᠡᠯᠡ: ᠮᠣᠩᠭᠤᠯ ᠬᠡᠪᠯᠡᠯ ᠤ᠋ᠨ ᠬᠣᠷᠢᠶ᠎ᠠ: ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶ᠎ᠠ ᠬᠡᠪᠯᠡᠭᠰᠡᠨ ᠴᠠᠭ: 2018 ᠣᠨ ᠤ᠋ 03 ᠰᠠᠷ᠎ᠠ ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ ᠬᠡᠪᠯᠡᠭᠦᠯᠦᠭᠰᠡᠨ ᠪᠠᠢᠭᠤᠯᠭ᠎ᠠ: ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠴᠤᠭᠯᠠᠭᠤᠯᠤᠨ ᠡᠮᠬᠢᠳᠭᠡᠵᠦ ᠰᠤᠳᠤᠯᠬᠤ ᠲᠠᠰᠤᠭ
ᠲᠣᠪᠴᠢ ᠲᠠᠨᠢᠯᠴᠠᠭᠤᠯᠭ᠎ᠠ:

《ᠭᠡᠰᠡᠷ ᠤ᠋ᠨ ᠲᠤᠭᠤᠵᠢ —— ᠴᠢᠳᠭᠦᠷ ᠤ᠋ᠨ ᠬᠦᠮᠪᠦ ᠳ᠋ᠤ᠌ ᠮᠣᠷᠳᠠᠭᠰᠠᠨ ᠠᠷᠪᠠᠨ ᠳᠥᠷᠪᠡᠳᠦᠭᠡᠷ ᠪᠦᠯᠦᠭ》ᠪᠣᠯ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋《 ᠭᠡᠰᠡᠷ》ᠢ᠋ ᠠᠪᠤᠷᠠᠨ ᠬᠠᠮᠠᠭᠠᠯᠠᠬᠤ ᠢᠨᠵᠧᠨᠧᠷᠢᠩ ᠤ᠋ᠨ ᠠᠵᠢᠯ ᠤ᠋ᠨ ᠲᠥᠰᠦᠯ᠂ 《ᠮᠣᠩᠭᠤᠯ ᠭᠡᠰᠡᠷ ᠤ᠋ᠨ ᠴᠤᠪᠤᠷᠠᠯ》 ᠤ᠋ᠨ 17 ᠳ᠋ᠤᠭᠠᠷ ᠳᠡᠪᠲᠡᠷ ᠢ᠋ᠶ᠋ᠡᠷ 2018 ᠣᠨ ᠳ᠋ᠤ᠌ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶᠠᠨ  ᠳ᠋ᠤ᠌ ᠬᠡᠪᠯᠡᠭᠳᠡᠪᠡ᠃ ᠲᠤᠰ ᠨᠣᠮ ᠪᠣᠯ ᠶᠠᠩᠵᠠᠢᠲᠠᠢ ᠲᠡᠭᠦᠰᠪᠠᠶᠠᠷ 2014 ᠣᠨ ᠳ᠋ᠤ᠌ ᠤᠯᠠᠭᠠᠨᠬᠠᠳᠠ ᠬᠣᠲᠠ ᠶ᠋ᠢᠨ ᠨᠢᠩᠴᠸᠩ ᠰᠢᠶᠠᠨ ᠡᠴᠡ ᠰᠢᠨ᠎ᠡ ᠪᠡᠷ ᠣᠯᠳᠠᠭᠰᠠᠨ 《ᠭᠡᠰᠡᠷ ᠬᠠᠭᠠᠨ ᠴᠢᠳᠭᠦᠷ ᠦ᠋ᠨ ᠭᠦᠮᠪᠦ ᠶ᠋ᠢ ᠳᠠᠷᠤᠭᠰᠠᠨ》ᠬᠤᠪᠢᠯᠪᠤᠷᠢ ᠡᠬᠡ ᠶ᠋ᠢᠨ ᠲᠤᠬᠠᠢ ᠰᠤᠳᠤᠯᠭᠠᠨ ᠤ᠋ ᠨᠣᠮ ᠪᠣᠯᠤᠨ᠎ᠠ᠃ ᠲᠤᠰ ᠨᠣᠮ ᠨᠢ ᠰᠢᠨ᠎ᠡ ᠣᠯᠳᠠᠭᠰᠠᠨ ᠬᠤᠪᠢᠯᠪᠤᠷᠢ ᠡᠬᠡ《 ᠭᠦᠮᠪᠦ 14》  ᠶ᠋ᠢ ᠣᠯᠠᠨ ᠲᠠᠯ᠎ᠠ ᠪᠡᠷ ᠲᠠᠨᠢᠯᠴᠠᠭᠤᠯᠤᠭᠰᠠᠨ ᠨᠢᠭᠡ ᠥᠭᠦᠯᠡᠯ᠂ ᠬᠤᠪᠢᠯᠪᠤᠷᠢ ᠵᠣᠬᠢᠶᠠᠯᠰᠤ ᠨᠤᠭᠤᠳ ᠯᠤᠭ᠎ᠠ ᠬᠠᠷᠢᠴᠠᠭᠤᠯᠤᠨ ᠰᠤᠳᠤᠯᠤᠭᠰᠠᠨ ᠭᠤᠷᠪᠠᠨ ᠥᠭᠦᠯᠡᠯ ᠂ ᠯᠦᠩ ᠹᠦ ᠰᠸ 《 ᠭᠡᠰᠡᠷ》 ᠦ᠋ᠨ ᠠᠷᠪᠠᠨ ᠬᠣᠶᠠᠳᠤᠭᠠᠷ ᠪᠦᠯᠦᠭ ᠯᠤᠭᠡ ᠬᠠᠷᠭᠤᠭᠤᠯᠤᠨ ᠬᠠᠷᠢᠴᠠᠭᠤᠯᠤᠭᠰᠠᠨ ᠵᠣᠬᠢᠶᠠᠯᠰᠤ᠂ᠤᠭ ᠡᠬᠡ ᠶ᠋ᠢᠨ ᠵᠢᠷᠤᠭᠯᠠᠪᠤᠷᠢ ᠵᠡᠷᠭᠡ ᠠᠭᠤᠯᠭ᠎ᠠ ᠤ᠋ᠳ ᠢ᠋ᠶ᠋ᠠᠷ ᠪᠦᠷᠢᠯᠳᠦᠪᠡ᠃

《ᠭᠡᠰᠡᠷ ᠤ᠋ᠨ ᠲᠤᠭᠤᠵᠢ — ᠴᠢᠳᠭᠦᠷ ᠤ᠋ᠨ ᠬᠦᠮᠪᠦ ᠳ᠋ᠤ᠌ ᠮᠣᠷᠳᠠᠭᠰᠠᠨ ᠠᠷᠪᠠᠨ ᠳᠥᠷᠪᠡᠳᠦᠭᠡᠷ ᠪᠦᠯᠦᠭ》
蒙ICP备17000293号-1 蒙公网安备 15010202150932号