ᠣᠳᠣᠬᠢ ᠪᠠᠢᠷᠢ : ᠲᠡᠷᠢᠭᠦᠨ ᠨᠢᠭᠤᠷ > ᠰᠢᠯᠢᠳᠡᠭ ᠨᠣᠮ ᠰᠤᠳᠤᠷ ᠤ᠋ᠨ ᠦᠵᠡᠭᠦᠯᠭᠡ > ᠮᠣᠩᠭᠤᠯ 《 ᠬᠡᠰᠡᠷ 》 ᠤ᠋ᠨ ᠴᠤᠪᠤᠷᠠᠯ
《ᠠᠵᠤᠮᠡᠷᠭᠡᠨ ᠬᠠᠲᠤᠨ ᠦ᠌ ᠲᠤᠭᠤᠵᠢ》
ᠴᠤᠪᠤᠷᠠᠯ ᠤ᠋ᠨ ᠨᠡᠷ᠎ᠡ: ᠮᠣᠩᠭᠤᠯ《 ᠭᠡᠰᠡᠷ》 ᠤ᠋ᠨ ᠴᠤᠪᠤᠷᠠᠯ ᠵᠣᠬᠢᠶᠠᠭᠴᠢ: ᠳᠣᠷᠤᠩᠭ᠎ᠠ ᠯᠣᠪᠰᠠᠨᠭ ᠴᠤᠭᠯᠠᠭᠤᠯᠵᠤ᠂ ᠠᠯᠮᠠᠰ ᠨᠠᠢᠷᠠᠭᠤᠯᠪᠠ᠃ ᠬᠡᠯᠡ: ᠮᠣᠩᠭᠤᠯ ᠬᠡᠪᠯᠡᠯ ᠤ᠋ᠨ ᠬᠣᠷᠢᠶ᠎ᠠ: ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶ᠎ᠠ ᠬᠡᠪᠯᠡᠭᠰᠡᠨ ᠴᠠᠭ: 2019 ᠣᠨ ᠤ᠋ 04 ᠰᠠᠷ᠎ᠠ ᠬᠡᠪᠯᠡᠭᠰᠡᠨ ᠤᠳᠠᠭ᠎ᠠ:ᠠᠩᠬᠠᠳᠤᠭᠠᠷ ᠬᠡᠪᠯᠡᠯ ᠬᠡᠪᠯᠡᠭᠦᠯᠦᠭᠰᠡᠨ ᠪᠠᠢᠭᠤᠯᠭ᠎ᠠ: ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠴᠦ᠋ᠬᠡᠨ ᠲᠣᠭᠠᠲᠦ ᠦᠨᠳᠦᠰᠦᠲᠡᠨ ᠦ᠌ ᠰᠤᠳᠤᠷ ᠪᠢᠴᠢᠭ ᠢ᠋ ᠴᠤᠭᠯᠠᠭᠤᠯᠤᠨ ᠡᠮᠬᠢᠳᠭᠡᠵᠦ ᠰᠤᠳᠤᠯᠬᠤ ᠲᠠᠰᠤᠭ
ᠲᠣᠪᠴᠢ ᠲᠠᠨᠢᠯᠴᠠᠭᠤᠯᠭ᠎ᠠ:

《 ᠠᠵᠤᠮᠡᠷᠭᠡᠨ ᠬᠠᠲᠦᠨ  ᠤ᠋ ᠲᠤᠭᠤᠵᠢ》 ᠪᠣᠯ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋《 ᠭᠡᠰᠡᠷ》ᠢ᠋ ᠠᠪᠤᠷᠠᠨ ᠬᠠᠮᠠᠭᠠᠯᠠᠬᠤ ᠢᠨᠵᠧᠨᠧᠷᠢᠩ ᠤ᠋ᠨ ᠠᠵᠢᠯ ᠤ᠋ᠨ ᠲᠥᠰᠦᠯ᠂ 《ᠮᠣᠩᠭᠤᠯ ᠭᠡᠰᠡᠷ ᠤ᠋ᠨ ᠴᠤᠪᠤᠷᠠᠯ》 ᠤ᠋ᠨ 21 ᠳ᠋ᠤᠭᠠᠷ ᠳᠡᠪᠲᠡᠷ ᠢ᠋ᠶ᠋ᠡᠷ 2019 ᠣᠨ ᠳ᠋ᠤ᠌ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠤ᠋ᠨ ᠬᠣᠷᠢᠶᠠᠨ  ᠳ᠋ᠤ᠌ ᠬᠡᠪᠯᠡᠭᠳᠡᠪᠡ᠃《ᠠᠵᠤᠮᠡᠷᠭᠡᠨ ᠬᠠᠲᠤᠨ ᠤ᠋ ᠲᠤᠭᠤᠵᠢ》 ᠪᠣᠯ《 ᠭᠡᠰᠡᠷ》 ᠦ᠋ᠨ ᠪᠠᠭᠠᠲᠤᠷᠯᠢᠭ ᠲᠤᠤᠯᠢ ᠡᠴᠡ ᠰᠡᠳᠦᠪᠯᠡᠨ᠂ ᠠᠷᠪᠠᠨ ᠵᠦᠭ ᠤ᠋ᠨ ᠡᠵᠡᠨ ᠭᠡᠰᠡᠷ ᠪᠣᠭᠳᠠ ᠶ᠋ᠢᠨ ᠬᠠᠲᠤᠨ ᠠᠵᠤᠮᠡᠷᠭᠡᠨ ᠤ᠋ ᠦᠢᠯᠡ ᠶᠠᠪᠤᠳᠠᠯ ᠢ᠋ ᠲᠤᠰᠠᠭᠠᠷᠯᠠᠨ ᠬᠠᠢᠯᠠᠭᠰᠠᠨ ᠪᠠᠭᠠᠲᠤᠷᠯᠢᠭ ᠲᠤᠤᠯᠢ ᠪᠥᠭᠡᠳ ᠮᠣᠩᠭᠤᠯ ᠦᠨᠳᠦᠰᠦᠲᠡᠨ ᠦ᠌ ᠤᠷᠠᠨ ᠵᠣᠬᠢᠶᠠᠯ ᠤ᠋ᠨ ᠲᠡᠦᠬᠡᠨ ᠳ᠋ᠤ᠌ ᠴᠦ᠍ ᠡᠮᠡᠭᠲᠡᠢ ᠪᠠᠭᠠᠲᠤᠷ  ᠢ᠋ᠶ᠋ᠠᠨ ᠮᠠᠭᠲᠠᠨ ᠳᠠᠭᠤᠯᠠᠭᠰᠠᠨ ᠠᠩᠬᠠᠳᠠᠭᠴᠢ ᠲᠤᠤᠯᠢ ᠮᠥᠨ᠃ ᠡᠨᠡ ᠬᠦ᠌ 《 ᠠᠵᠤᠮᠡᠷᠭᠡᠨ ᠬᠠᠲᠦᠨ  ᠤ᠋ ᠲᠤᠭᠤᠵᠢ》 ᠳᠡᠭᠡᠳᠦ᠂ ᠳᠣᠣᠷᠠᠳᠤ ᠬᠣᠶᠠᠷ ᠨᠠᠢᠷᠠᠭ ᠢ᠋ᠶ᠋ᠠᠷ ᠪᠦᠷᠢᠯᠳᠦᠪᠡ᠃ ᠳᠡᠭᠡᠳᠦ ᠨᠠᠢᠷᠠᠭ ᠤ᠋ᠨ ᠡᠮᠦᠨ᠎ᠡ ᠭᠤᠷᠪᠠᠨ ᠪᠦᠯᠦᠭ ᠢ᠋ ᠮᠣᠩᠭᠤᠯ ᠰᠣᠶᠤᠯ ᠤ᠋ᠨ ᠨᠡᠷᠡᠲᠦ ᠵᠢᠳᠭᠦᠯᠲᠡᠨ᠂ ᠭᠡᠰᠡᠷᠴᠢ ᠳᠣᠷᠤᠩᠭ᠎ᠠ ᠬᠠᠢᠯᠠᠵᠤ᠂ ᠬᠣᠢᠨᠠᠬᠢ ᠲᠠᠪᠤᠨ ᠪᠦᠯᠦᠭ ᠢ᠋ ᠭᠡᠰᠡᠷᠴᠢ ᠥᠯᠵᠡᠢᠲᠦ ᠬᠠᠢᠯᠠᠵᠠᠢ᠃ ᠳᠣᠣᠷᠠᠳᠦ ᠨᠠᠢᠷᠠᠭ ᠤ᠋ᠨ ᠠᠷᠪᠠᠨ ᠪᠦᠯᠦᠭ ᠢ᠋ ᠲᠥᠷᠦ ᠶ᠋ᠢᠨ ᠭᠡᠰᠡᠷᠴᠢ ᠯᠣᠪᠰᠠᠨᠭ ᠬᠠᠢᠯᠠᠵᠠᠢ᠃

《ᠠᠵᠤᠮᠡᠷᠭᠡᠨ ᠬᠠᠲᠤᠨ ᠦ᠌ ᠲᠤᠭᠤᠵᠢ》
蒙ICP备17000293号-1 蒙公网安备 15010202150932号