《 ᠵᠦᠭᠡᠯᠡᠨ ᠢᠳᠡᠬᠡᠯ ᠱᠠᠰᠢᠨ  ᠤ ᠵᠤᠯᠠ ᠮᠠᠨᠾ ᠎ᠡ ᠎ᠡ ᠪᠠᠽᠠᠷ ᠳ᠋ᠾᠡᠷ᠎ᠠ ᠵᠠᠩᠬᠢᠶ᠎ᠠ ᠵᠸᠱ᠌ᠢᠰ ᠪᠠᠰᠳᠠᠨᠪᠠᠢ ᠷᠺᠢᠨᠯ ᠮᠼᠨᠨ ᠱ᠌ᠢᠷᠢ ᠪᠠᠳ᠋ᠷ᠎ᠠ ᠵᠢᠨ ᠳᠦᠷᠦᠯ  ᠦᠨ ᠦᠶᠡᠰ ᠯᠤᠭᠡ ᠰᠠᠯᠳᠠ ᠵᠢᠨ ᠴᠡᠳᠢᠭ ᠭᠤᠷᠪᠠᠨ ᠤᠷᠤᠨ  ᠢ ᠦᠵᠡᠰᠭᠦᠯᠡᠩ ᠪᠤᠯᠭᠠᠭᠴᠢ ᠭᠠᠭᠴᠠ ᠴᠢᠮᠡᠩ ᠰᠠᠢᠨ ᠨᠤᠮᠯᠠᠯ  ᠤᠨ ᠽᠢᠨᠳᠠᠮᠠᠨᠢ ᠵᠢᠨ ᠡᠷᠢᠭᠡᠰ ᠬᠡᠮᠡᠭᠳᠡᠬᠦ ᠨᠥᠭᠥᠭᠡ ᠲᠡᠪᠳᠡᠷ ᠣᠷᠤᠱ᠌ᠢᠪᠠ 》
2022.06.08 ᠳᠣᠷᠵᠢ

            

     ᠳᠤᠰ  ᠰᠤᠷᠪᠤᠯᠵᠢ   ᠵᠢ  ᠴᠢᠩ  ᠤᠯᠤᠰ  ᠤᠨ   ᠳᠦᠬᠡᠮᠡᠯ  ᠡᠯᠪᠡᠭᠳᠦ  ᠬᠠᠭᠠᠨ  ᠤ  ᠲᠡᠷᠢᠬᠦᠨ  ᠤᠨ ( 1851 ᠣᠨ) ᠳᠤ  ᠪᠡᠭᠡᠵᠢᠩ  ᠳᠤ   ᠮᠤᠳᠤᠨ  ᠪᠠᠷ   ᠰᠡᠢᠯᠬᠡᠵᠤ  ᠰᠢᠩᠬᠤ  ᠪᠡᠷ  ᠳᠤᠬᠤᠨ   ᠲᠠᠷᠤᠮᠠᠯᠯᠠᠵᠠᠢ᠃ ᠲᠡᠷᠢᠬᠦᠨ   ᠲᠡᠪᠳᠡᠷ ᠨᠢ  ᠨᠡᠢᠳᠠ  311 ᠨᠢᠭᠤᠷ᠂ ᠰᠤᠳᠤᠷ  ᠤᠨ  ᠶᠡᠭᠡ  ᠪᠠᠭ᠎ᠠ ᠵᠢᠨ  ᠬᠡᠮᠵᠢᠶ᠎ᠡ  ᠨᠢ 10×46  ᠰᠠᠨᠲ᠋ᠢᠮᠧᠲ᠋ᠷ  ᠂ ᠡᠮᠤᠨ᠎ᠠ  ᠨᠢ  ᠪᠤᠷᠬᠠᠨ  ᠤ   ᠪᠤᠳᠤᠭᠳᠤ   ᠵᠢᠷᠤᠭ  ᠲᠠᠢ᠃ ᠵᠠᠩᠬᠢᠶ᠎ᠠ  ᠬᠤᠳᠤᠭᠳᠤ ᠪᠤᠯ ᠴᠢᠩ ᠤᠯᠤᠰ  ᠤᠨ  ᠦᠶ᠎ᠡ   ᠳᠤ  ᠦᠪᠤᠷ  ᠮᠤᠩᠭᠤᠯ   ᠤᠷᠤᠨ ᠳ᠋ᠡᠬᠢ  ᠰᠢᠷ᠎ᠠ  ᠵᠢᠨ ᠱᠠᠰᠢᠨ  ᠤ  ᠦᠢᠯᠡ  ᠵᠢ  ᠬᠠᠮᠢᠶᠠᠷᠳᠠᠭ  ᠬᠠᠮᠤᠭ  ᠤᠨ  ᠳᠤᠮᠤ  ᠡᠷᠬᠡᠳᠦ ᠬᠤᠪᠢᠯᠭᠠᠨ ᠪᠦᠭᠡᠳ  ᠳᠤᠰ  ᠰᠤᠷᠪᠤᠯᠵᠢ ᠪᠤᠯ  ᠭᠤᠷᠪᠠᠳᠤᠭᠠᠷ  ᠳᠦᠷᠢ  ᠵᠢᠨ  ᠵᠠᠩᠬᠢᠶ᠎ᠠ  ᠬᠤᠳᠤᠭᠳᠤ  ᠵᠢᠨ  ᠨᠠᠮᠳᠠᠷ  ᠮᠥᠨ᠃ ᠴᠢᠩ ᠤᠯᠤᠰ ᠤᠨ   ᠦᠶ᠎ᠡ  ᠵᠢᠨ  ᠱᠠᠰᠢᠨ  ᠰᠤᠷᠳᠠᠬᠤᠨ ᠤ  ᠲᠡᠤᠬᠡ ᠵᠢ  ᠰᠤᠳᠤᠯᠬᠤ ᠳᠤ  ᠳᠤᠩ  ᠴᠢᠬᠤᠯᠠ ᠬᠡᠷᠡᠭᠴᠡᠭᠡᠳᠡᠢ ᠰᠤᠷᠪᠤᠯᠵᠢ  ᠪᠢᠴᠢᠭ   ᠤᠨ  ᠨᠢᠭᠡ ᠶᠤᠮ᠃ ᠤᠳᠤ ᠤᠯᠤᠰ  ᠤᠨ  ᠨᠤᠮ  ᠤᠨ ᠰᠠᠩ᠂ ᠦᠪᠦᠷ ᠮᠤᠩᠭᠤᠯ ᠤᠨ ᠨᠡᠢᠬᠡᠮ ᠦᠨ ᠰᠢᠨᠵᠢᠯᠡᠬᠦ  ᠤᠬᠠᠭᠠᠨ ᠤ  ᠬᠦᠷᠢᠶᠡᠯᠡᠩ ᠦᠨ  ᠨᠤᠮ ᠤᠨ  ᠰᠠᠩ ᠵᠡᠷᠬᠡ  ᠭᠠᠵᠠᠷ   ᠲᠦ  ᠬᠠᠳᠠᠭᠠᠯᠠᠭᠳᠠᠵᠤ  ᠪᠠᠢᠨ᠎ᠠ᠃ ᠳᠤᠰ ᠰᠤᠷᠪᠤᠯᠵᠢ  ᠪᠢᠴᠢᠭ  ᠢ᠋ 2020 ᠤᠨ  ᠳᠤ  ᠦᠪᠦᠷ  ᠮᠤᠩᠭᠤᠯ  ᠤᠨ   ᠠᠷᠠᠳ  ᠤᠨ  ᠬᠡᠪᠯᠡᠯ  ᠦᠨ   ᠬᠣᠷᠢᠶᠠᠨ ᠤ᠋ ᠬᠡᠪᠯᠡᠬᠦᠯᠦᠭᠰᠡᠨ《ᠡᠷᠳᠡᠨ  ᠦ  ᠮᠤᠩᠭᠤᠯ  ᠰᠤᠳᠤᠷ  ᠪᠢᠴᠢᠭ  ᠦᠨ  ᠲᠡᠬᠡᠵᠢᠰ》 ᠬᠡᠮᠡᠬᠦ  ᠮᠤᠩᠭᠤᠯ  ᠳᠤᠯᠭᠤᠷ  ᠪᠢᠴᠢᠭ  ᠦᠨ  ᠴᠤᠪᠤᠷᠠᠯ  ᠤᠨ  ᠨᠢᠭᠡᠳᠦᠭᠡᠷ  ᠪᠤᠳᠢ  ᠵᠢᠨ  ᠲᠡᠷᠢᠬᠦᠨ ᠵᠤᠬᠢᠶᠠᠯ  ᠪᠤᠯᠭᠠᠨ  ᠪᠤᠳᠤᠭᠳᠤ ᠬᠡᠷᠡᠯ  ᠵᠢᠷᠤᠭ  ᠵᠢᠡᠷ ᠬᠡᠪᠯᠡᠬᠦᠯᠵᠤ᠂ ᠡᠷᠳᠡᠮ  ᠰᠢᠨᠵᠢᠯᠡᠬᠡᠨ  ᠦ  ᠨᠡᠢᠳᠡ  ᠵᠢᠨ  ᠬᠦᠷᠳᠡᠭᠡᠯ  ᠪᠤᠯᠭᠠᠵᠠᠢ᠃

蒙ICP备17000293号-1 蒙公网安备 15010202150932号