《 ᠵᠦᠭᠡᠯᠡᠨ ᠢᠳᠡᠬᠡᠯ ᠱᠠᠰᠢᠨ  ᠤ ᠵᠤᠯᠠ ᠮᠠᠨᠾ ᠎ᠡ ᠎ᠡ ᠪᠠᠽᠠᠷ ᠳ᠋ᠾᠡᠷ᠎ᠠ ᠵᠠᠩᠬᠢᠶ᠎ᠠ ᠵᠸᠱ᠌ᠢᠰ ᠪᠠᠰᠳᠠᠨᠪᠠᠢ ᠷᠺᠢᠨᠯ ᠮᠼᠨᠨ ᠱ᠌ᠢᠷᠢ ᠪᠠᠳ᠋ᠷ᠎ᠠ ᠵᠢᠨ ᠳᠦᠷᠦᠯ  ᠦᠨ ᠯᠤᠭᠡ ᠰᠠᠯᠳᠠ ᠵᠢᠨ ᠴᠡᠳᠢᠭ ᠭᠤᠷᠪᠠᠨ ᠤᠷᠤᠨ  ᠢ ᠦᠵᠡᠰᠭᠦᠯᠡᠩ ᠪᠤᠯᠭᠠᠭᠴᠢ ᠭᠠᠭᠴᠠ ᠴᠢᠮᠡᠩ ᠰᠠᠢᠨ ᠨᠤᠮᠯᠠᠯ  ᠤᠨ ᠽᠢᠨᠳᠠᠮᠠᠨᠢ ᠵᠢᠨ ᠡᠷᠢᠭᠡᠰ ᠬᠡᠮᠡᠭᠳᠡᠬᠦ ᠲᠡᠷᠢᠬᠦᠨ ᠲᠡᠪᠳᠡᠷ ᠣᠷᠤᠱ᠌ᠢᠪᠠ 》
2022.06.06 ᠳᠣᠷᠵᠢ

             

       ᠳᠤᠰ  ᠰᠤᠷᠪᠤᠯᠵᠢ  ᠵᠢ  ᠴᠢᠩ  ᠤᠯᠤᠰ  ᠤᠨ  ᠳᠦᠬᠡᠮᠡᠯ  ᠡᠯᠪᠡᠭᠳᠦ  ᠬᠠᠭᠠᠨ  ᠤ  ᠲᠡᠷᠢᠬᠦᠨ ᠤᠨ (1851 ᠣᠨ) ᠳᠤ  ᠪᠡᠭᠡᠵᠢᠩ  ᠳᠤ  ᠮᠤᠳᠤᠨ  ᠪᠠᠷ ᠰᠡᠢᠯᠬᠡᠵᠤ  ᠰᠢᠩᠬᠤ ᠪᠡᠷ  ᠳᠤᠬᠤᠨ  ᠲᠠᠷᠤᠮᠠᠯᠯᠠᠵᠠᠢ᠃   ᠲᠡᠷᠢᠬᠦᠨ  ᠲᠡᠪᠳᠡᠷ ᠨᠢ  ᠨᠡᠢᠳᠠ  311  ᠨᠢᠭᠤᠷ᠂ ᠰᠤᠳᠤᠷ  ᠤᠨ  ᠶᠡᠭᠡ ᠪᠠᠭ᠎ᠠ ᠵᠢᠨ  ᠬᠡᠮᠵᠢᠶ᠎ᠡ  ᠨᠢ 10×46 ᠰᠠᠨᠲ᠋ᠢᠮᠧᠲ᠋ᠷ ᠂  ᠡᠮᠤᠨ᠎ᠠ  ᠨᠢ  ᠪᠤᠷᠬᠠᠨ  ᠤ  ᠪᠤᠳᠤᠭᠳᠤ  ᠵᠢᠷᠤᠭ  ᠲᠠᠢ᠃ ᠵᠠᠩᠬᠢᠶ᠎ᠠ  ᠬᠤᠳᠤᠭᠳᠤ ᠪᠤᠯ ᠴᠢᠩ ᠤᠯᠤᠰ  ᠤᠨ ᠦᠶ᠎ᠡ  ᠳᠤ ᠦᠪᠤᠷ  ᠮᠤᠩᠭᠤᠯ ᠤᠷᠤᠨ ᠳ᠋ᠡᠬᠢ ᠰᠢᠷ᠎ᠠ ᠵᠢᠨ ᠱᠠᠰᠢᠨ  ᠤ  ᠦᠢᠯᠡ  ᠵᠢ  ᠬᠠᠮᠢᠶᠠᠷᠳᠠᠭ  ᠬᠠᠮᠤᠭ  ᠤᠨ  ᠳᠤᠮᠤ  ᠡᠷᠬᠡᠳᠦ ᠬᠤᠪᠢᠯᠭᠠᠨ  ᠪᠤᠯᠬᠤ ᠪᠦᠭᠡᠳ  ᠳᠤᠰ  ᠰᠤᠷᠪᠤᠯᠵᠢ ᠪᠤᠯ  ᠭᠤᠷᠪᠠᠳᠤᠭᠠᠷ  ᠳᠦᠷᠢ  ᠵᠢᠨ  ᠵᠠᠩᠬᠢᠶ᠎ᠠ  ᠬᠤᠳᠤᠭᠳᠤ  ᠵᠢᠨ  ᠨᠠᠮᠳᠠᠷ  ᠮᠥᠨ᠃ ᠴᠢᠩ  ᠤᠯᠤᠰ ᠤᠨ ᠦᠶ᠎ᠡ ᠵᠢᠨ  ᠱᠠᠰᠢᠨ ᠰᠤᠷᠳᠠᠬᠤᠨ ᠤ ᠲᠡᠤᠬᠡ ᠵᠢ ᠰᠤᠳᠤᠯᠬᠤ ᠳᠤ ᠳᠤᠩ ᠴᠢᠬᠤᠯᠠ ᠬᠡᠷᠡᠭᠴᠡᠭᠡᠳᠡᠢ ᠰᠤᠷᠪᠤᠯᠵᠢ  ᠪᠢᠴᠢᠭ  ᠤᠨ  ᠨᠢᠭᠡ  ᠶᠤᠮ᠃ ᠤᠳᠤ ᠤᠯᠤᠰ  ᠤᠨ  ᠨᠤᠮ  ᠤᠨ ᠰᠠᠩ᠂ ᠦᠪᠦᠷ  ᠮᠤᠩᠭᠤᠯ  ᠤᠨ ᠨᠡᠢᠬᠡᠮ` ᠦᠨ ᠰᠢᠨᠵᠢᠯᠡᠬᠦ ᠤᠬᠠᠭᠠᠨ ᠤ ᠬᠦᠷᠢᠶᠡᠯᠡᠩ ᠦᠨ ᠨᠤᠮ ᠤᠨ ᠰᠠᠩ ᠵᠡᠷᠬᠡ ᠭᠠᠵᠠᠷ  ᠲᠦ ᠬᠠᠳᠠᠭᠠᠯᠠᠭᠳᠠᠵᠤ ᠪᠠᠢᠨ᠎ᠠ᠃  ᠳᠤᠰ  ᠰᠤᠷᠪᠤᠯᠵᠢ  ᠪᠢᠴᠢᠭ ᠢ᠋  2020 ᠤᠨ  ᠳᠤ  ᠦᠪᠦᠷ  ᠮᠤᠩᠭᠤᠯ  ᠤᠨ   ᠠᠷᠠᠳ  ᠤᠨ  ᠬᠡᠪᠯᠡᠯ  ᠦᠨ  ᠬᠣᠷᠢᠶᠠᠨ ᠤ᠋  ᠬᠡᠪᠯᠡᠬᠦᠯᠦᠭᠰᠡᠨ 《ᠡᠷᠳᠡᠨ  ᠦ  ᠮᠤᠩᠭᠤᠯ  ᠰᠤᠳᠤᠷ  ᠪᠢᠴᠢᠭ  ᠦᠨ  ᠲᠡᠬᠡᠵᠢᠰ》ᠬᠡᠮᠡᠬᠦ  ᠮᠤᠩᠭᠤᠯ  ᠳᠤᠯᠭᠤᠷ  ᠪᠢᠴᠢᠭ  ᠦᠨ  ᠴᠤᠪᠤᠷᠠᠯ  ᠤᠨ  ᠨᠢᠭᠡᠳᠦᠭᠡᠷ  ᠪᠤᠳᠢ  ᠵᠢᠨ  ᠲᠡᠷᠢᠬᠦᠨ  ᠵᠤᠬᠢᠶᠠᠯ  ᠪᠤᠯᠭᠠᠨ  ᠪᠤᠳᠤᠭᠳᠤ ᠬᠡᠷᠡᠯ  ᠵᠢᠷᠤᠭ  ᠵᠢᠡᠷ ᠬᠡᠪᠯᠡᠬᠦᠯᠵᠤ᠂  ᠡᠷᠳᠡᠮ  ᠰᠢᠨᠵᠢᠯᠡᠬᠡᠨ  ᠦ  ᠨᠡᠢᠳᠡ  ᠵᠢᠨ  ᠬᠦᠷᠳᠡᠭᠡᠯ  ᠪᠤᠯᠭᠠᠵᠠᠢ᠃     

蒙ICP备17000293号-1 蒙公网安备 15010202150932号