《ᠰᠢᠷᠡᠭᠡᠲᠦ ᠬᠦᠦᠰᠢ ᠶᠢᠨ ᠤᠷᠴᠢᠭᠤᠯᠤᠭᠰᠠᠨ < ᠮᠢᠯᠠᠷᠠᠢᠪᠠ ᠶᠢᠨ ᠨᠠᠮᠲᠡᠷ> (ᠮᠤᠳᠤᠨ ᠪᠠᠷ ᠤᠨ ᠬᠡᠪᠯᠡᠯ)  ᠦᠨ ᠬᠡᠯᠡᠨ ᠦ ᠬᠦᠮᠦᠷᠭᠡ ᠶᠢᠨ ᠰᠤᠳᠤᠯᠤᠯ》 ᠤᠨ ᠲᠤᠪᠴᠢ ᠠᠭᠤᠯᠭ᠎ᠠ
2022.05.17 ᠳᠣᠷᠵᠢ

    ᠮᠢᠯᠠᠷᠠᠢᠪᠠ ᠪᠤᠯ ᠲᠥᠪᠡᠳ ᠤᠯᠠᠮᠵᠢᠯᠠᠯᠲᠤ ᠪᠤᠷᠬᠠᠨ ᠤ ᠱᠠᠰᠢᠨ ᠤ ᠭᠠᠵᠦ᠋ᠳ ᠶᠤᠰᠤᠲᠠᠨ ᠤ ᠨᠡᠷᠡᠲᠦ ᠲᠦᠯᠦᠭᠡᠯᠡᠭᠴᠢ ᠶᠢᠨ ᠨᠢᠭᠡ  ᠶᠤᠮ᠃  ᠲᠡᠭᠦᠨ ᠦ ᠨᠠᠮᠲᠠᠷ ᠵᠤᠬᠢᠶᠠᠯ ᠨᠢ ᠤᠯᠠᠨ ᠵᠦᠢᠯ ᠤ᠋ᠨ ᠬᠡᠯᠪᠡᠷᠢ ᠪᠡᠷ ᠤᠯᠠᠮᠵᠢᠯᠠᠭᠳᠠᠨ ᠢᠷᠡᠭᠰᠡᠨ ᠪᠥᠭᠡᠳ ᠠᠳᠠᠯᠢ ᠪᠤᠰᠤ  ᠵᠣᠬᠢᠶᠠᠭᠴᠢ ᠶ᠋ᠢᠨ ᠪᠢᠴᠢᠭᠰᠡᠨ ᠮᠢᠯᠠᠷᠠᠢᠪᠠ ᠶᠢᠨ ᠨᠠᠮᠲᠠᠷ 18 ᠵᠦᠢᠯ ᠪᠣᠢ  ᠶ᠋ᠢᠨ ᠲᠤᠲᠤᠷ᠎ᠠ ᠰᠤᠳᠤᠯᠭᠠᠨ ᠤ ᠦᠨ᠎ᠡ ᠦᠷᠲᠡᠭ ᠢᠶᠡᠷ ᠦᠨᠳᠦᠷ ᠬᠡᠮᠡᠨ ᠦᠨᠡᠯᠡᠭᠳᠡᠵᠦ ᠪᠠᠢᠭ᠎ᠠ ᠨᠢ ᠬᠤᠢᠲᠤ ᠲᠦᠪᠡᠳ ᠦᠨ ᠭᠠᠵᠦ᠋ᠳ ᠶᠤᠰᠤᠲᠠᠨ ᠤ ᠯᠠᠮᠠ ᠰᠠᠩᠵᠠᠢᠵᠠᠯᠰᠠᠨ ᠤ 1488 ᠤᠨ ᠳᠤ ᠵᠤᠬᠢᠶᠠᠭᠰᠠᠨ 《ᠮᠢᠯᠠᠷᠠᠢᠪᠠ ᠶᠢᠨ ᠨᠠᠮᠲᠡᠷ》ᠪᠤᠯᠤᠨ᠎ᠠ᠃( ᠪᠦᠭᠦᠯᠢ ᠨᠡᠷ᠎ᠡ ᠨᠢ《ᠶᠤᠧᠠᠭᠡᠽᠠᠷᠢᠰ ᠤᠨ ᠡᠷᠬᠡᠲᠦ ᠲᠡᠭᠡᠲᠦ ᠬᠡᠳᠦᠯᠬᠡᠭᠴᠢ ᠮᠢᠯᠠᠷᠠᠢᠪᠠ ᠶᠢᠨ ᠨᠠᠮᠲᠠᠷ᠃ ᠨᠢᠷᠧᠠᠨ ᠬᠢᠭᠡᠳ ᠬᠠᠮᠤᠭ ᠢ ᠠᠢᠯᠠᠳᠤᠭᠴᠢ ᠶᠢᠨ ᠮᠦᠷ ᠢ ᠦᠵᠡᠭᠦᠯᠦᠭᠰᠡᠨ ᠬᠡᠮᠡᠭᠳᠡᠬᠦ ᠤᠷᠤᠰᠢᠪᠠ᠅》) ᠤᠯᠤᠰ ᠤᠨ ᠲᠤᠲᠤᠭᠠᠳᠤ ᠳᠤ ᠰᠠᠩᠵᠠᠢᠵᠠᠯᠰᠠᠨ ᠤ《 ᠮᠢᠯᠠᠷᠠᠢᠪᠠ ᠶᠢᠨ ᠨᠠᠮᠲᠠᠷ》 ᠤ᠋ᠨ ᠮᠤᠩᠭᠤᠯ ᠤᠷᠴᠢᠭᠤᠯᠭ᠎ᠠ ᠪᠠ ᠬᠢᠲᠠᠳ ᠤᠷᠴᠢᠭᠤᠯᠭ᠎ᠠ ᠪᠤᠢ᠃ ᠤᠯᠤᠰ ᠤᠨ ᠲᠤᠲᠤᠭᠠᠳᠤᠬᠢ ᠬᠠᠮᠤᠭ ᠤᠨ ᠡᠷᠲᠡᠨ ᠦ ᠤᠷᠴᠢᠭᠤᠯᠭ᠎ᠠ ᠨᠢ ᠰᠢᠷᠡᠭᠡᠲᠦ ᠬᠦᠦᠰᠢ ᠶᠢᠨ 1618 ᠤᠨ  ᠳ᠋ᠤ᠌ ᠣᠷᠴᠢᠭᠤᠯᠵᠤ 1756 ᠤᠨ ᠳᠤ ᠪᠡᠭᠡᠵᠢᠩ ᠳᠦ ᠮᠤᠳᠤᠨ ᠪᠠᠷ ᠢᠶᠠᠷ  ᠰᠡᠢᠯᠤᠭᠳᠡᠭᠰᠡᠨ ᠬᠡᠪᠯᠡᠯ ᠶᠤᠮ᠃ ᠰᠢᠷᠡᠭᠡᠲᠦ ᠬᠦᠦᠰᠢ ᠶᠢᠨ ᠤᠷᠴᠢᠭᠤᠯᠭ᠎ᠠ ᠠᠴᠠ ᠭᠠᠳᠠᠨ᠎ᠠ᠂ 17 ᠳ᠋ᠤᠭᠠᠷ ᠵᠠᠭᠤᠨ ᠳᠤ ᠤᠢᠷᠠᠳ ᠤᠨ ᠽᠠᠶ᠎ᠠ ᠪᠠᠨᠳᠢᠳᠠ ᠨᠠᠮᠬᠠᠢᠵᠠᠮᠰᠤ ᠂ ᠲᠤᠢᠨ ᠬᠦᠦᠰᠢ ᠶ᠋ᠢᠨ ᠮᠤᠩᠭᠤᠯᠴᠢᠯᠠᠭᠰᠠᠨ ᠳᠡᠪᠲᠡᠷ ᠪᠣᠢ᠂ ᠰᠢᠷᠡᠭᠡᠲᠦ ᠬᠦᠦᠰᠢ ᠶᠢᠨ ᠤᠷᠴᠢᠭᠤᠯᠭ᠎ᠠ ᠨᠢ ᠢᠯᠡᠭᠦᠦ  ᠠᠯᠳᠠᠷᠲᠠᠢ᠃ ᠬᠠᠷᠠᠮᠰᠠᠯᠲᠠᠢ ᠨᠢ᠂ ᠰᠢᠷᠡᠭᠡᠲᠦ ᠬᠦᠦᠰᠢ ᠶᠢᠨ ᠤᠷᠴᠢᠭᠤᠯᠭ᠎ᠠ ᠶᠢᠨ ᠵᠤᠬᠢᠶᠠᠯ ᠤᠨ ᠪᠠᠷ ᠬᠡᠪᠯᠡᠯ ᠨᠢ ᠤᠯᠳᠠᠬᠤ ᠳᠤ ᠬᠢᠯᠪᠠᠷ ᠪᠤᠰᠤ ᠪᠤᠯᠤᠭᠰᠠᠨ ᠠᠴᠠ ᠮᠢᠯᠠᠷᠠᠢᠪᠠ ᠶᠢᠨ ᠰᠤᠳᠤᠯᠭᠠᠨ ᠢ ᠬᠢᠵᠦ ᠪᠠᠢᠭ᠎ᠠ ᠵᠠᠷᠢᠮ  ᠡᠷᠳᠡᠮᠲᠡᠨ ᠮᠤᠩᠭᠤᠯ ᠤᠷᠴᠢᠭᠤᠯᠭ᠎ᠠ  ᠨᠢ ᠰᠤᠨᠤᠰᠴᠤ ᠪᠠᠢᠭᠰᠠᠨ ᠠᠴᠠ  ᠪᠢᠰᠢ ᠦᠵᠡᠵᠦ ᠦᠩᠭᠡᠷᠡᠭᠡ ᠦᠭᠡᠢ ᠬᠡᠮᠡᠨ ᠦᠭᠦᠯᠡᠯ ᠵᠤᠬᠢᠶᠠᠯ  ᠳ᠋ᠤ᠌ ᠪᠠᠨ  ᠪᠢᠴᠢᠵᠡᠢ᠃ ᠬᠢᠲᠠᠳ ᠬᠡᠯᠡᠨ ᠳᠤ ᠬᠠᠮᠤᠭ ᠤᠨ ᠲᠦᠷᠦᠭᠦᠨ ᠳᠤ ᠸᠠᠩ ᠢ ᠨᠤᠧᠠᠨ 1946 ᠤᠨ ᠳᠦ  ᠣᠷᠴᠢᠭᠤᠯᠤᠭᠰᠠᠨ ᠪᠥᠭᠡᠳ᠂  ᠲᠡᠭᠦᠨ ᠦ ᠲᠠᠷᠠᠭ᠎ᠠ ᠵᠠᠩ ᠴᠧᠩ ᠵᠢᠢ᠂ ᠯᠢᠤ ᠯᠢ ᠴᠢᠶᠡᠨ᠂ ᠱᠢ ᠵᠢᠢ ᠹᠠᠨ ᠨᠠᠷ ᠪᠠᠰᠠ ᠤᠷᠴᠢᠭᠤᠯᠵᠠᠢ᠃ᠤᠯᠤᠰ ᠤᠨ ᠭᠠᠳᠠᠭᠠᠳᠤ ᠳᠤ《ᠮᠢᠯᠠᠷᠠᠢᠪᠠ ᠶᠢᠨ ᠨᠠᠮᠲᠠᠷ》ᠨᠢ  ᠠᠩᠭᠯᠢ᠂  ᠶᠠᠫᠤᠨ᠂ ᠤᠷᠤᠰ᠂ ᠭᠧᠷᠮᠠᠨ᠂ ᠹᠷᠠᠨᠼᠢ᠂ ᠢᠲ᠋ᠠᠯᠢ᠂ ᠺᠤᠷᠢᠶᠠ᠂ ᠰᠯᠠᠸ ᠮᠤᠩᠭᠤᠯ ᠪᠢᠴᠢᠭ ᠲᠤ ᠤᠷᠴᠢᠭᠤᠯᠤᠭᠳᠠᠨ᠂《ᠨᠢᠭᠡ ᠪᠦᠰᠡ ᠨᠢᠭᠡ ᠵᠠᠮ》ᠲᠠᠭᠠᠤ ᠶ᠋ᠢᠨ ᠤᠯᠤᠰ ᠤᠷᠤᠨ  ᠤ᠋ ᠰᠤᠶᠤᠯ ᠤᠨ ᠬᠠᠷᠢᠯᠴᠠᠭᠠᠨ ᠤ ᠬᠦᠭᠦᠷᠭᠡ ᠪᠣᠯᠵᠤ ᠪᠣᠢ᠃

       ᠲᠠᠨ᠎ᠠ ᠶᠢᠨ ᠪᠦᠲᠦᠭᠡᠯ《ᠰᠢᠷᠡᠭᠡᠲᠦ ᠬᠦᠦᠰᠢ ᠶᠢᠨ ᠤᠷᠴᠢᠭᠤᠯᠤᠭᠰᠠᠨ< ᠮᠢᠯᠠᠷᠠᠢᠪᠠ ᠶᠢᠨ ᠨᠠᠮᠲᠡᠷ>(ᠮᠤᠳᠤᠨ ᠪᠠᠷ ᠤᠨ ᠬᠡᠪᠯᠡᠯ) ᠦᠨ ᠬᠡᠯᠡᠨ ᠦ ᠬᠦᠮᠦᠷᠭᠡ ᠶᠢᠨ ᠰᠤᠳᠤᠯᠤᠯ》ᠨᠢ 1756 ᠤᠨ ᠤ᠋ ᠪᠡᠭᠡᠵᠢᠩ ᠤ᠋ᠨ ᠮᠤᠳᠤᠨ ᠪᠠᠷ ᠤ᠋ᠨ ᠨᠣᠮ ᠢᠶᠠᠷ ᠰᠤᠳᠤᠯᠤᠭᠳᠠᠬᠤᠨ ᠪᠤᠯᠭᠠᠵᠤ᠂ ᠬᠡᠯᠡ ᠰᠢᠨᠵᠢᠯᠡᠯ ᠤᠨ ᠡᠭᠦᠳᠡᠨ ᠡᠴᠡ ᠲᠤᠰ ᠰᠤᠷᠪᠤᠯᠵᠢ ᠪᠢᠴᠢᠭ ᠦᠨ ᠬᠡᠯᠡᠨ ᠦ ᠬᠦᠮᠦᠷᠭᠡ ᠶᠢ ᠪᠠᠢᠭᠤᠯᠵᠠᠢ᠃ ᠲᠤᠰ ᠪᠦᠲᠦᠭᠡᠯ ᠨᠢ  ᠭᠣᠣᠯ  ᠨᠢ ᠳᠤᠯᠤᠭᠠᠨ ᠬᠡᠰᠡᠭ ᠡᠴᠡ ᠪᠦᠷᠢᠯᠳᠦᠪᠡ᠃ ᠲᠤᠬᠠᠢᠯᠠᠪᠠᠯ ᠪᠦᠭᠦ ᠵᠤᠬᠢᠶᠠᠯ ᠤᠨ ᠯᠠᠲ᠋ᠢᠨᠴᠢᠯᠠᠭᠰᠠᠨ ᠭᠠᠯᠢᠭᠯᠠᠯ᠂  ᠪᠦᠬᠦ ᠦᠭᠡᠰ ᠦᠨ ᠬᠡᠯᠬᠢᠶᠡᠰᠦ᠂  ᠬᠦᠮᠦᠨ ᠦ ᠨᠡᠷ᠎ᠡ ᠶᠢᠨ ᠬᠡᠯᠬᠢᠶᠡᠰᠦ᠂  ᠭᠠᠵᠠᠷ ᠤᠨ ᠨᠡᠷ᠎ᠡ ᠶᠢᠨ ᠬᠡᠯᠬᠢᠶᠡᠰᠦ᠂ ᠬᠦᠮᠦᠨ ᠦ ᠨᠡᠷ᠎ᠡ ᠬᠢᠭᠡᠳ ᠲᠡᠭᠦᠨ ᠦ ᠬᠠᠷᠠᠭᠠᠯᠵᠠᠭᠰᠠᠨ ᠲᠥᠪᠡᠳ ᠨᠡᠷ᠎ᠡ᠂  ᠭᠠᠵᠠᠷ ᠤᠨ ᠨᠡᠷ᠎ᠡ ᠬᠢᠭᠡᠳ ᠲᠡᠭᠦᠨ ᠦ ᠬᠠᠷᠠᠭᠠᠯᠵᠠᠭᠰᠠᠨ ᠲᠥᠪᠡᠳ ᠨᠡᠷ᠎ᠡ᠂  ᠤᠤᠯ ᠡᠬᠡ ᠶᠢᠨ ᠪᠠᠭᠤᠯᠭᠠᠪᠤᠷᠢ ᠵᠡᠷᠭᠡ ᠃  ᠲᠤᠰ ᠬᠡᠯᠡᠨ ᠦ ᠬᠦᠮᠦᠷᠭᠡ ᠨᠢ 《ᠮᠤᠩᠭᠤᠯ ᠬᠡᠯᠡᠨ ᠦ ᠰᠤᠷᠪᠤᠯᠵᠢ ᠶᠢᠨ ᠲᠠᠪᠴᠠᠩ》ᠲᠤᠲᠤᠷᠠᠬᠢ ᠰᠤᠩᠭᠤᠳᠠᠭ ᠮᠤᠩᠭᠤᠯ ᠬᠡᠯᠡᠨ ᠦ (16 -18 ᠳ᠋ᠤᠭᠠᠷ ᠵᠠᠭᠤᠨ ᠤ ᠦᠶ᠎ᠡ) ᠶᠢᠨ ᠬᠡᠯᠡ ᠦᠰᠦᠭ ᠪᠢᠴᠢᠭ ᠦᠨ ᠡᠬᠡ ᠮᠠᠲ᠋ᠧᠷᠢᠶᠠᠯ  ᠪᠣᠯᠵᠤ ᠂  ᠬᠠᠮᠢᠶ᠎ᠠ ᠪᠦᠭᠦᠢ ᠰᠤᠳᠤᠯᠤᠭᠠᠴᠢᠳ ᠲᠤ ᠲᠤᠰᠠ ᠲᠡᠮ ᠪᠤᠯᠤᠭᠰᠠᠨ ᠪᠠᠢᠨ᠎ᠠ᠃ ᠡᠭᠦᠨ ᠡᠴᠡ ᠭᠠᠳᠠᠨ᠎ᠠ᠂ 《 ᠮᠢᠯᠠᠷᠠᠢᠪᠠ ᠶᠢᠨ ᠨᠠᠮᠲᠠᠷ》 ᠤᠨ  ᠡᠨᠡ ᠬᠦ᠌ ᠡᠬᠡ ᠶ᠋ᠢᠨ ᠤᠷᠴᠢᠭᠤᠯᠤᠭᠴᠢ ᠬᠦᠬᠡᠬᠤᠲᠠ ᠶᠢᠨ ᠰᠢᠷᠡᠭᠡᠲᠦ ᠬᠦᠦᠰᠢ ᠪᠤᠯ ᠪᠤᠷᠬᠠᠨ ᠤ ᠱᠠᠰᠢᠨ ᠤ ᠨᠡᠷᠡᠲᠦ ᠰᠤᠷᠭᠠᠯᠲᠠᠨ᠂ ᠤᠷᠴᠢᠭᠤᠯᠤᠭᠴᠢ ᠶᠤᠮ᠃  ᠲᠡᠭᠦᠨ ᠦ ᠬᠠᠮᠤᠭ ᠤᠨ ᠶᠡᠬᠡ ᠭᠠᠪᠢᠶ᠎ᠠ ᠵᠢᠳᠬᠦᠯ ᠭᠡᠪᠡᠯ 1602 - 1607 ᠤᠨ ᠤ ᠬᠤᠭᠤᠷᠤᠨᠳᠤ ᠪᠠᠷᠠᠭᠤᠨ ᠭᠤᠷᠪᠠᠨ ᠲᠦᠮᠡᠨ ᠤ  ᠬᠡᠯᠡᠮᠦᠷᠴᠢᠳ  ᠢ ᠵᠤᠬᠢᠶᠠᠨ ᠪᠠᠢᠭᠤᠯᠵᠤ᠂ 108 ᠪᠤᠳᠢ 《ᠭᠠᠨᠵᠤᠤᠷ》 ᠢ ᠮᠤᠩᠭᠤᠯᠴᠢᠯᠠᠨ ᠤᠷᠴᠢᠭᠤᠯᠤᠭᠰᠠᠨ ᠶᠠᠪᠤᠳᠠᠯ ᠪᠤᠯᠬᠤ ᠪᠦᠭᠡᠳ ᠲᠡᠭᠦᠨ ᠦ ᠤᠷᠴᠢᠭᠤᠯᠤᠭᠰᠠᠨ《 ᠮᠢᠯᠠᠷᠠᠢᠪᠠ ᠶᠢᠨ ᠨᠠᠮᠲᠡᠷ》 ᠬᠢᠭᠡᠳ 《 ᠮᠢᠯᠠᠷᠠᠢᠪᠠ ᠶᠢᠨ ᠬᠦᠷᠦ ᠲᠠᠭᠤᠯᠠᠯ》 ᠨᠢ ᠲᠤᠬᠠᠢ ᠶᠢᠨ ᠦᠶ᠎ᠡ ᠳᠤ ᠶᠡᠬᠡᠪᠡᠷ  ᠤᠯᠠᠮᠵᠢᠯᠠᠭᠳᠠᠨ ᠳᠡᠯᠭᠡᠷᠡᠭᠰᠡᠨ ᠪᠥᠭᠡᠳ ᠲᠡᠳᠡᠭᠡᠷ ᠦᠨ ᠨᠦᠯᠦᠭᠡ ᠨᠢ ᠠᠳᠠᠯᠢ ᠪᠤᠰᠤ ᠬᠡᠯᠪᠡᠷᠢ ᠪᠡᠷ ᠤᠳᠤ ᠬᠦᠷᠲᠡᠯ᠎ᠡ ᠦᠷᠭᠦᠯᠵᠢᠯᠡᠭᠰᠡᠭᠡᠷ  ᠪᠣᠢ᠃  ᠡᠢᠮᠦ ᠡᠴᠡ ᠡᠨᠡ ᠬᠦ ᠪᠦᠲᠦᠭᠡᠯ ᠨᠢ ᠰᠢᠷᠡᠭᠡᠲᠦ ᠬᠦᠦᠰᠢ ᠶᠢᠨ  ᠲᠤᠬᠠᠢ ᠰᠤᠳᠤᠯᠭᠠᠨ ᠢ ᠤᠯᠠᠮ ᠨᠢᠭᠡ ᠠᠯᠬᠤᠮ ᠬᠦᠨᠵᠡᠭᠡᠢᠷᠡᠭᠦᠯᠵᠦ ᠳᠤ  ᠴᠢᠬᠤᠯᠠ ᠯᠠᠪᠯᠠᠯᠲᠠ ᠶ᠋ᠢᠨ ᠮᠠᠲ᠋ᠧᠷᠢᠶᠠᠯ ᠪᠤᠯᠬᠤ ᠨᠢ ᠲᠠᠮᠵᠢᠭ ᠦᠭᠡᠢ ᠶᠤᠮ᠃

 

蒙ICP备17000293号-1 蒙公网安备 15010202150932号